ᠳᠤᠮᠳᠠᠭᠤᠪᠢ ᠠᠶᠢᠮᠠᠭ ᠤᠨ ᠯᠠᠭᠤᠰ ᠰᠤᠮᠤ ᠬᠦᠨᠡᠰᠦᠨ ᠦ ᠡᠷᠬᠡ ᠶᠢᠨ ᠪᠢᠴᠢᠭ ᠦᠭᠡᠢ ᠰᠤᠮᠤ ᠪᠣᠯᠤᠯ᠎ᠠ᠃ | News.MN

ᠳᠤᠮᠳᠠᠭᠤᠪᠢ ᠠᠶᠢᠮᠠᠭ ᠤᠨ ᠯᠠᠭᠤᠰ ᠰᠤᠮᠤ ᠬᠦᠨᠡᠰᠦᠨ ᠦ ᠡᠷᠬᠡ ᠶᠢᠨ ᠪᠢᠴᠢᠭ ᠦᠭᠡᠢ ᠰᠤᠮᠤ ᠪᠣᠯᠤᠯ᠎ᠠ᠃

2021 ᠣᠨ ᠳᠤ ᠳᠤᠮᠳᠠᠭᠤᠪᠢ ᠠᠶᠢᠮᠠᠭ ᠤᠨ ᠯᠠᠭᠤᠰ ᠰᠤᠮᠤ ᠬᠦᠨᠡᠰᠦᠨ ᠦ ᠡᠷᠬᠡ ᠶᠢᠨ ᠪᠢᠴᠢᠭ ᠣᠯᠭᠤᠳᠠᠭ 13 ᠡᠷᠦᠬᠡ ᠶᠢ ᠬᠥᠳᠡᠯᠮᠦᠷᠢ ᠳᠦ ᠵᠠᠭᠤᠴᠢᠯᠠᠵᠤ᠂ ᠪᠠᠶᠢᠩᠭᠤ ᠶᠢᠨ ᠣᠷᠣᠯᠭ᠎ᠠ ᠲᠠᠢ ᠪᠣᠯᠭᠠᠭᠰᠠᠨ ᠢᠶᠠᠷ ᠬᠠᠯᠠᠮᠵᠢ ᠠᠴᠠ ᠬᠥᠳᠡᠯᠮᠦᠷᠢ ᠳᠦ ᠰᠢᠯᠵᠢᠭᠰᠡᠨ ᠠᠩᠬᠠᠨ ᠤ ᠰᠤᠮᠤ ᠪᠣᠯᠤᠯ᠎ᠠ᠃ ᠮᠣᠩᠭᠣᠯ ᠤᠯᠤᠰ ᠨᠡᠶᠢᠭᠡᠮ ᠤᠨ ᠬᠠᠯᠠᠮᠵᠢ ᠶᠢᠨ ᠳᠡᠮᠵᠢᠯᠭᠡ᠂ ᠲᠤᠰᠠᠯᠠᠯᠴᠠᠭ᠎ᠠ ᠵᠠᠶᠢᠯᠠᠰᠢ ᠦᠭᠡᠢ ᠱᠠᠭᠠᠷᠳᠠᠯᠭ᠎ᠠ ᠲᠠᠢ ᠡᠷᠦᠬᠡ ᠶᠢᠨ ᠨᠠᠰᠤᠨ ᠳᠤ ᠬᠦᠷᠦᠭᠰᠡᠨ ᠢᠷᠭᠡᠨ ᠳᠦ ᠰᠠᠷ᠎ᠠ ᠳᠤ ᠪᠠᠨ 16000᠂ ᠬᠡᠦᠬᠡᠳ ᠲᠦ 8000 ᠲᠥᠭᠥᠷᠢᠭ ᠦᠨ ᠬᠦᠨᠡᠰᠦᠨ ᠦ ᠡᠷᠬᠡ ᠶᠢᠨ ᠪᠢᠴᠢᠭ ᠣᠯᠭᠤᠳᠠᠭ᠃
ᠳᠤᠮᠳᠠᠭᠤᠪᠢ ᠠᠶᠢᠮᠠᠭ ᠤᠨ ᠬᠡᠮᠵᠢᠶᠡᠨ ᠳᠦ 2021 ᠣᠨ ᠤ ᠡᠬᠢᠨ ᠳᠦ 534 ᠡᠷᠦᠬᠡ ᠳᠦ ᠬᠦᠨᠡᠰᠦᠨ ᠦ ᠡᠷᠬᠡ ᠶᠢᠨ ᠪᠢᠴᠢᠭ ᠣᠯᠭᠤᠳᠠᠭ ᠪᠠᠶᠢᠭᠰᠠᠨ ᠪᠣᠯ ᠣᠨ ᠤ ᠰᠡᠭᠦᠯᠡᠷ ᠡᠨᠡ ᠲᠣᠭ᠎ᠠ 405 ᠪᠣᠯᠵᠤ ᠪᠠᠭᠤᠷᠠᠭᠰᠠᠨ ᠪᠠᠶᠢᠨ᠎ᠠ᠃ ᠠᠶᠢᠮᠠᠭ ᠤᠨ ᠬᠦᠨᠡᠰᠦ ᠬᠦᠳᠡᠭᠡ ᠠᠵᠤ ᠠᠬᠤᠢ ᠶᠢᠨ ᠭᠠᠵᠠᠷ ᠠᠴᠠ ᠳᠡᠭᠡᠷᠡᠬᠢ ᠡᠷᠦᠬᠡ ᠶᠢᠨ ᠭᠡᠰᠢᠭᠦᠳ ᠢ ᠮᠠᠯᠵᠢᠭᠤᠯᠬᠤ ᠲᠥᠰᠥᠯ ᠳᠦ ᠬᠠᠮᠤᠷᠤᠭᠤᠯᠵᠤ᠂ ᠬᠥᠳᠡᠯᠮᠦᠷᠢ ᠳᠦ ᠵᠠᠭᠤᠴᠢᠯᠠᠵᠤ᠂ ᠪᠠᠶᠢᠩᠭᠤ ᠶᠢᠨ ᠣᠷᠣᠯᠭ᠎ᠠ ᠲᠠᠢ ᠪᠣᠯᠭᠠᠭᠰᠠᠨ ᠢᠶᠠᠷ ᠬᠦᠨᠡᠰᠦᠨ ᠦ ᠡᠷᠬᠡ ᠶᠢᠨ ᠪᠢᠴᠢᠭ ᠠᠪᠳᠠᠭ ᠡᠷᠦᠬᠡ ᠶᠢᠨ ᠲᠣᠭ᠎ᠠ ᠪᠠᠭᠤᠷᠠᠭᠰᠠᠨ ᠲᠡᠳᠦᠢ ᠦᠭᠡᠢ 15 ᠰᠤᠮᠤ ᠠᠴᠠ ᠨᠢᠭᠡ ᠰᠤᠮᠤ ᠡᠶᠢᠨᠬᠦᠦ ᠬᠦᠨᠡᠰᠦᠨ ᠦ ᠡᠷᠬᠡ ᠶᠢᠨ ᠪᠢᠴᠢᠭ ᠦᠭᠡᠢ ᠰᠤᠮᠤ ᠪᠣᠯᠵᠠᠢ᠃

 

ᠰᠡᠳᠬᠢᠭᠳᠡᠯ ᠦᠯᠡᠳᠡᠭᠡᠬᠦ