︽ᠪᠢ ᠡᠨᠳᠡ ᠡᠴᠡ ᠶᠠᠪᠤᠬᠤ ᠦᠭᠡᠢ》ᠵᠦᠴᠦᠭᠡ ᠴᠡᠩᠬᠡᠷ ᠳᠡᠯᠭᠡᠴᠡ ᠪᠡᠷ ᠭᠠᠷᠤᠨ᠎ᠠ | News.MN

︽ᠪᠢ ᠡᠨᠳᠡ ᠡᠴᠡ ᠶᠠᠪᠤᠬᠤ ᠦᠭᠡᠢ》ᠵᠦᠴᠦᠭᠡ ᠴᠡᠩᠬᠡᠷ ᠳᠡᠯᠭᠡᠴᠡ ᠪᠡᠷ ᠭᠠᠷᠤᠨ᠎ᠠ

ᠤᠯᠤᠰ ᠤᠨ ᠳ᠋ᠷᠠᠮ ᠤᠨ ᠡᠷᠳᠡᠮ ᠲᠢᠶᠠᠲᠷ ᠤᠨ 2018 ᠣᠨ ᠤ ᠪᠦᠲᠦᠭᠡᠯ᠂ ᠡᠷᠳᠡᠮᠲᠡᠨ᠂ ᠵᠣᠬᠢᠶᠠᠯᠴᠢ ᠡ᠊ ∙ ᠣᠶᠤᠨ ᠤ 《ᠪᠢ ᠡᠨᠳᠡ ᠡᠴᠡ ᠶᠠᠪᠤᠬᠤ ᠦᠭᠡᠢ》ᠤᠶᠠᠩᠭ᠎ᠠ ᠶᠢᠨ ᠳ᠋ᠷᠠᠮ ᠤᠨ ᠵᠦᠴᠦᠭᠡ ᠰᠢᠨ᠎ᠡ ᠵᠢᠯ ᠦᠨ ᠪᠠᠶᠠᠷ ᠢ ᠲᠣᠬᠢᠶᠠᠯᠳᠤᠭᠤᠯᠤᠨ ᠪᠦᠬᠦ ᠲᠧᠯᠧᠸᠢᠰ ᠦᠨ ᠸᠢᠳᠢᠣ᠋ ᠰᠠᠩ ᠳᠤ ᠣᠷᠣᠭᠰᠠᠨ ᠭᠡᠨ᠎ᠡ᠃ ᠦᠨᠳᠦᠰᠦᠨ ᠦ ᠤᠷᠠᠯᠢᠭ᠂ ᠮᠡᠷᠭᠡᠵᠢᠯ ᠦᠨ ᠪᠠᠶᠢᠭᠤᠯᠤᠯᠭ᠎ᠠ ᠪᠠᠨ ᠳᠡᠮᠵᠢᠬᠦ ᠳᠦ ᠦᠵᠡᠭᠴᠢ ᠲᠠᠨ ᠤ ᠨᠢᠭᠡ ᠴᠤ ᠭᠡᠰᠡᠨ ᠦᠵᠡᠯᠲᠡ ᠴᠢᠬᠤᠯᠠ ᠭᠡᠳᠡᠭ ᠢ ᠲᠤᠰ ᠤᠷᠠᠨ ᠪᠦᠲᠦᠭᠡᠯᠴᠢᠳ ᠬᠡᠯᠡᠵᠦ ᠪᠠᠶᠢᠨ᠎ᠠ᠃
《ᠪᠢ ᠡᠨᠳᠡ ᠡᠴᠡ ᠶᠠᠪᠤᠬᠤ ᠦᠭᠡᠢ》 ᠵᠦᠴᠦᠭᠡ ᠪᠡᠷ ᠭᠡᠷ ᠪᠦᠯᠢ ᠶᠢᠨ ᠦᠨ᠎ᠡ ᠴᠡᠨ᠎ᠡ᠂ ᠬᠠᠶᠢᠷ᠎ᠠ ᠰᠡᠳᠬᠢᠯ᠂ ᠠᠨᠳᠠ ᠨᠥᠬᠥᠳ ᠦᠨ ᠬᠣᠯᠪᠣᠭ᠎ᠠ᠂ ᠪᠡᠶ᠎ᠡ ᠪᠡᠶᠡᠨ ᠳᠦ ᠪᠡᠨ ᠢᠲᠡᠭᠡᠬᠦ ᠢᠲᠡᠭᠡᠯ᠂ ᠤᠷᠪᠠᠯᠲᠠ᠂ ᠬᠦᠮᠦᠨ ᠦ ᠮᠥᠰᠥ᠂ ᠶᠣᠰᠣ ᠵᠦᠢ ᠵᠡᠷᠭᠡ ᠬᠦᠮᠦᠨ ᠦ ᠨᠡᠶᠢᠭᠡᠮ ᠤᠨ ᠪᠦᠬᠦᠢ ᠯᠠ ᠬᠦᠷᠢᠶᠡᠨ ᠦ ᠠᠰᠠᠭᠤᠳᠠᠯ ᠢ ᠬᠥᠨᠳᠡᠨ ᠬᠠᠷᠠᠭᠤᠯᠬᠤ ᠪᠢᠯᠡ᠃ ᠦᠷᠭᠦᠯᠵᠢᠯᠡᠬᠦ ᠬᠤᠭᠤᠴᠠᠭ᠎ᠠ᠄ 150 ᠮᠢᠨᠦ᠋ᠲ᠂ ᠨᠠᠰᠤᠨ ᠤ ᠠᠩᠭᠢᠯᠠᠯ᠄ 15+
ᠶᠡᠷᠦᠩᠬᠡᠢ ᠨᠠᠶᠢᠷᠠᠭᠤᠯᠤᠭᠴᠢ᠄ ᠨ ∙ ᠨᠠᠷᠠᠨᠪᠠᠭᠠᠲᠤᠷ᠂ ᠶᠡᠷᠦᠩᠬᠡᠢ ᠵᠢᠷᠤᠭᠠᠴᠢ᠄ ᠲ ∙ ᠭᠠᠩᠬᠤᠶᠠᠭ᠃

ᠰᠡᠳᠬᠢᠭᠳᠡᠯ ᠦᠯᠡᠳᠡᠭᠡᠬᠦ