ᠶᠡᠬᠡ ᠬᠡᠮᠵᠢᠶᠡᠨ ᠦ ᠵᠢᠭᠠᠰᠤ ᠠᠩᠨᠠᠭᠰᠠᠨ ᠬᠡᠷᠡᠭ ᠢ ᠢᠯᠡᠷᠡᠭᠦᠯᠵᠡᠢ | News.MN

ᠶᠡᠬᠡ ᠬᠡᠮᠵᠢᠶᠡᠨ ᠦ ᠵᠢᠭᠠᠰᠤ ᠠᠩᠨᠠᠭᠰᠠᠨ ᠬᠡᠷᠡᠭ ᠢ ᠢᠯᠡᠷᠡᠭᠦᠯᠵᠡᠢ

ᠵᠠᠪᠬᠠᠨ ᠠᠶᠢᠮᠠᠭ ᠤᠨ ᠡᠷᠳᠡᠨᠢᠬᠠᠶᠢᠷᠬᠠᠨ ᠰᠤᠮᠤ᠂ ᠤᠯᠠᠭᠴᠢᠨ ᠤ ᠬᠠᠷ᠎ᠠ ᠨᠠᠭᠤᠷ ᠠᠴᠠ ᠬᠠᠤᠯᠢ ᠪᠤᠰᠤ ᠪᠠᠷ ᠶᠡᠬᠡ ᠬᠡᠮᠵᠢᠶᠡᠨ ᠦ ᠵᠠᠷᠮ᠎ᠠ ᠵᠢᠭᠠᠰᠤ ᠪᠠᠷᠢᠭᠰᠠᠨ ᠡᠲᠡᠭᠡᠳ ᠦᠳ ᠢ ᠢᠯᠡᠷᠡᠭᠦᠯᠦᠨ᠂ ᠮᠥᠷᠳᠡᠨ ᠰᠢᠯᠭᠠᠬᠤ ᠠᠵᠢᠯᠯᠠᠭ᠎ᠠ ᠶᠢ ᠡᠬᠢᠯᠡᠭᠦᠯᠦᠯ᠎ᠡ ᠭᠡᠵᠦ ᠲᠤᠰ ᠠᠶᠢᠮᠠᠭ ᠤᠨ ᠴᠠᠭᠳᠠᠭ᠎ᠠ ᠶᠢᠨ ᠭᠠᠵᠠᠷ ᠠᠴᠠ ᠮᠡᠳᠡᠭᠡᠯᠡᠯ᠎ᠡ᠃ 《ᠤᠯᠠᠭᠴᠢᠨ ᠤ ᠬᠠᠷ᠎ᠠ ᠨᠠᠭᠤᠷ》 ᠨᠢ ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠨᠤᠲᠤᠭ ᠲᠤ ᠬᠠᠮᠢᠶᠠᠷᠳᠠᠭ ᠲᠤᠯᠤ ᠵᠢᠭᠠᠰᠤ ᠪᠠᠷᠢᠬᠤ ᠶᠢ ᠬᠣᠷᠢᠭᠯᠠᠳᠠᠭ᠃
ᠬᠡᠷᠪᠡ ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠨᠤᠲᠤᠭ ᠲᠤ ᠵᠥᠪᠰᠢᠶᠡᠷᠡᠯ ᠦᠭᠡᠢ ᠪᠡᠷ ᠠᠮᠢᠲᠠᠨ ᠠᠩᠨᠠᠭᠰᠠᠨ᠂ ᠪᠠᠷᠢᠭᠰᠠᠨ᠂ ᠡᠰᠡᠬᠦᠯ᠎ᠡ ᠬᠣᠪᠣᠷ ᠠᠮᠢᠲᠠᠨ ᠢ ᠲᠤᠰᠬᠠᠢ ᠵᠥᠪᠰᠢᠶᠡᠷᠡᠯ ᠦᠭᠡᠢ ᠪᠡᠷ ᠠᠩᠨᠠᠭᠰᠠᠨ᠂ ᠪᠠᠷᠢᠭᠰᠠᠨ᠂ ᠵᠣᠷᠢᠭᠤᠳᠠ ᠪᠠᠷ ᠲᠡᠵᠢᠭᠡᠵᠦ ᠭᠠᠷᠰᠢᠭᠤᠯᠤᠭᠰᠠᠨ᠂ ᠦᠷᠡᠵᠢᠭᠦᠯᠦᠭᠰᠡᠨ᠂ ᠲᠡᠳᠡᠭᠡᠷ ᠦᠨ ᠭᠠᠷᠤᠯ ᠲᠠᠢ ᠲᠦᠭᠦᠬᠡᠢ ᠡᠳ᠋ ᠦᠨ ᠵᠦᠢᠯ ᠢ ᠬᠠᠳᠠᠭᠠᠯᠠᠭᠰᠠᠨ᠂ ᠬᠤᠳᠠᠯᠳᠤᠭᠰᠠᠨ᠂ ᠬᠤᠳᠠᠯᠳᠤᠨ ᠠᠪᠤᠭᠰᠠᠨ᠂ ᠲᠡᠭᠡᠭᠡᠪᠦᠷᠢᠯᠡᠭᠰᠡᠨ᠂ ᠭᠠᠳᠠᠭᠠᠳᠤ ᠤᠯᠤᠰ ᠲᠤ ᠭᠠᠷᠭᠠᠭᠰᠠᠨ᠂ ᠬᠣᠪᠣᠷ ᠠᠮᠢᠲᠠᠨ ᠤ ᠴᠢᠬᠢᠮᠡᠯ᠂ ᠡᠳ᠋ ᠡᠷᠬᠡᠲᠡᠨ᠂ ᠲᠡᠳᠡᠭᠡᠷ ᠦᠨ ᠭᠠᠷᠤᠯ ᠲᠠᠢ ᠲᠦᠭᠦᠬᠡᠢ ᠡᠳ᠋  ᠦᠨ ᠴᠤᠭᠯᠠᠭᠤᠯᠭ᠎ᠠ ᠬᠢᠭᠰᠡᠨ ᠪᠣᠯ ᠲᠠᠪᠤᠨ ᠮᠢᠩᠭ᠎ᠠ ᠳᠥᠷᠪᠡᠨ ᠵᠠᠭᠤᠨ ᠨᠢᠭᠡᠴᠢ ᠡᠴᠡ ᠬᠣᠷᠢᠨ ᠳᠣᠯᠣᠭᠠᠨ ᠮᠢᠩᠭᠠᠨ ᠨᠢᠭᠡᠴᠢ ᠲᠡᠢ ᠲᠡᠩᠴᠡᠬᠦ ᠬᠡᠮᠵᠢᠶᠡᠨ ᠦ ᠲᠥᠭᠥᠷᠢᠭ ᠢᠶᠡᠷ ᠲᠤᠷᠭᠠᠬᠤ᠂ ᠡᠰᠡᠬᠦᠯ᠎ᠡ ᠨᠢᠭᠡ ᠵᠢᠯ ᠡᠴᠡ ᠲᠠᠪᠤᠨ ᠵᠢᠯ ᠬᠦᠷᠲᠡᠯ᠎ᠡ ᠬᠤᠭᠤᠴᠠᠭ᠎ᠠ ᠪᠠᠷ ᠵᠣᠷᠴᠢᠬᠤ ᠡᠷᠬᠡ ᠶᠢ ᠬᠢᠵᠠᠭᠠᠷᠯᠠᠬᠤ᠂ ᠡᠰᠡᠬᠦᠯ᠎ᠡ ᠨᠢᠭᠡ ᠵᠢᠯ ᠡᠴᠡ ᠲᠠᠪᠤᠨ ᠵᠢᠯ ᠬᠦᠷᠲᠡᠯ᠎ᠡ ᠬᠤᠭᠤᠴᠠᠭ᠎ᠠ ᠪᠠᠷ ᠬᠤᠷᠢᠬᠤ ᠶᠠᠯ᠎ᠠ ᠪᠠᠷ ᠰᠢᠢᠳᠭᠡᠨ᠎ᠡ ᠭᠡᠵᠦ ᠡᠷᠡᠭᠦᠦ ᠶᠢᠨ ᠬᠠᠤᠯᠢ ᠳᠤ ᠵᠢᠭᠠᠭᠰᠠᠨ ᠪᠠᠶᠢᠳᠠᠭ᠃

ᠰᠡᠳᠬᠢᠭᠳᠡᠯ ᠦᠯᠡᠳᠡᠭᠡᠬᠦ