ᠪ ∙ᠡᠩᠬᠡᠪᠠᠶᠠᠷ᠄ ᠤᠯᠤᠰ ᠤᠨ ᠲᠥᠰᠥᠪ ᠦᠨ ᠬᠡᠳᠦᠨ ᠲᠥᠭᠥᠷᠢᠭ ᠢᠶᠡᠷ ᠲᠣᠭᠯᠠᠯᠲᠠ᠂ ᠺᠣᠨᠲ᠋ᠧᠨᠲ ᠬᠢᠭᠰᠡᠨ ᠪᠤᠢ | News.MN

ᠪ ∙ᠡᠩᠬᠡᠪᠠᠶᠠᠷ᠄ ᠤᠯᠤᠰ ᠤᠨ ᠲᠥᠰᠥᠪ ᠦᠨ ᠬᠡᠳᠦᠨ ᠲᠥᠭᠥᠷᠢᠭ ᠢᠶᠡᠷ ᠲᠣᠭᠯᠠᠯᠲᠠ᠂ ᠺᠣᠨᠲ᠋ᠧᠨᠲ ᠬᠢᠭᠰᠡᠨ ᠪᠤᠢ

ᠤᠯᠤᠰ ᠤᠨ ᠶᠡᠬᠡ ᠬᠤᠷᠠᠯ ᠤᠨ ᠡᠳ᠋ ᠦᠨ ᠵᠠᠰᠠᠭ ᠤᠨ ᠪᠠᠶᠢᠩᠭᠤ ᠶᠢᠨ ᠬᠣᠷᠢᠶᠠᠨ ᠤ ᠬᠤᠷᠠᠯᠳᠤᠭᠠᠨ ᠢᠶᠠᠷ ᠮᠣᠩᠭᠣᠯ ᠤᠯᠤᠰ ᠤᠨ ᠵᠠᠰᠠᠭ ᠤᠨ ᠭᠠᠵᠠᠷ ᠤᠨ 2021 ᠣᠨ ᠤ 02 ᠳ᠋ᠤᠭᠠᠷ ᠰᠠᠷ᠎ᠠ ᠶᠢᠨ 17  ᠤ ᠡᠳᠦᠷ ᠦᠨ 42 ᠳ᠋ᠤᠭᠠᠷ ᠲᠣᠭᠲᠠᠭᠠᠯ ᠢᠶᠠᠷ ᠪᠠᠲᠤᠯᠠᠭᠰᠠᠨ 《ᠡᠷᠡᠭᠦᠯ ᠮᠡᠨᠳᠦ ᠪᠡᠨ ᠬᠠᠮᠠᠭᠠᠯᠠᠵᠤ᠂ ᠡᠳ᠋ ᠦᠨ ᠵᠠᠰᠠᠭ ᠢᠶᠠᠨ ᠰᠡᠷᠭᠦᠭᠡᠬᠦ ᠠᠷᠪᠠᠨ ᠶᠡᠬᠡ ᠨᠠᠶᠤᠳ ᠤᠨ ᠴᠣᠭᠴᠠ ᠲᠥᠯᠥᠪᠯᠡᠭᠡ》 ᠶᠢᠨ ᠬᠡᠷᠡᠭᠵᠢᠯᠲᠡ ᠶᠢᠨ ᠲᠠᠯᠠᠭᠠᠷᠬᠢ ᠮᠡᠳᠡᠭᠡᠯᠡᠯ ᠰᠣᠨᠣᠰᠴᠤ ᠪᠠᠶᠢᠨ᠎ᠠ᠃
ᠤᠯᠤᠰ ᠤᠨ ᠶᠡᠬᠡ ᠬᠤᠷᠠᠯ  ᠤᠨ ᠭᠡᠰᠢᠭᠦᠨ ᠪ∙ᠡᠩᠬᠡᠪᠠᠶᠠᠷ᠄ ᠴᠠᠷ᠎ᠠ ᠲᠠᠬᠤᠯ ᠤᠨ ᠦᠶ᠎ᠡ ᠳᠦ 1059 ᠲᠣᠭᠯᠠᠯᠲᠠ᠂ ᠺᠣᠨᠲ᠋ᠧᠨᠲ ᠪᠡᠯᠡᠳᠬᠡᠭᠰᠡᠨ ᠭᠡᠵᠦ ᠪᠠᠶᠢᠨ᠎ᠠ᠃《ᠺᠠᠷᠠᠨᠲ᠋ᠢᠨ 14》᠂ 《ᠺᠤᠸᠢᠳ᠋ ᠦᠭᠡᠢ ᠵᠤᠨ ᠤ ᠲᠥᠯᠥᠭᠡ》᠂《ᠮᠡᠳᠡᠭᠡᠯᠡᠯ ᠦᠨ ᠤᠷᠤᠰᠬᠠᠯ》 ᠭᠡᠬᠦᠴᠢᠯᠡᠨ᠃ ᠲᠤᠬᠠᠢ ᠶᠢᠨ ᠦᠶ᠎ᠡ ᠳᠦ ᠡᠭᠦᠨ ᠢ ᠤᠯᠤᠰ ᠤᠨ ᠲᠥᠰᠥᠪ  ᠢᠶᠠᠷ ᠬᠢᠭᠡ ᠦᠭᠡᠢ᠂ ᠤᠷᠠᠨ ᠪᠦᠲᠦᠭᠡᠯᠴᠢᠳ ᠥᠪᠡᠷᠰᠡᠳ ᠢᠶᠡᠨ  ᠬᠢᠭᠰᠡᠨ ᠭᠡᠳ ᠪᠠᠶᠢᠭᠰᠠᠨ᠃ ᠡᠨᠡ ᠨᠡᠪᠲᠡᠷᠡᠭᠦᠯᠭᠡ ᠨᠦᠭᠦᠳ ᠢ ᠲᠥᠰᠥᠪ ᠡᠴᠡ ᠬᠢᠭᠰᠡᠨ ᠶᠤᠮ ᠤᠤ᠂ ᠬᠡᠳᠦᠨ ᠲᠥᠭᠥᠷᠢᠭ ᠢᠶᠡᠷ ᠬᠢᠭᠰᠡᠨ ᠪᠤᠢ᠃
ᠰᠤᠶᠤᠯ ᠤᠨ ᠳᠡᠳ᠋ ᠰᠠᠶᠢᠳ ᠮ∙ᠪᠠᠲᠤᠪᠠᠶᠠᠷ᠄ 10 ᠶᠡᠬᠡ ᠨᠠᠶᠤᠳ ᠤᠨ ᠲᠥᠯᠦᠪᠯᠡᠭᠡᠨ ᠳᠦ ᠮᠠᠨ ᠤ ᠶᠠᠮᠤᠨ ᠤ ᠰᠢᠭᠤᠳ ᠬᠠᠷᠢᠭᠤᠴᠠᠬᠤ ᠭᠤᠷᠪᠠᠨ ᠠᠰᠠᠭᠤᠳᠠᠯ ᠪᠠᠶᠢᠭᠰᠠᠨ᠃ ᠨᠡᠶᠢᠭᠡᠮ ᠤᠨ ᠰᠡᠳᠬᠢᠯ ᠵᠦᠢ ᠶᠢ ᠳᠡᠮᠵᠢᠬᠦ᠂ ᠰᠣᠶᠣᠨ ᠭᠡᠭᠡᠷᠡᠭᠦᠯᠬᠦ ᠠᠷᠭ᠎ᠠ ᠬᠡᠮᠵᠢᠶ᠎ᠡ ᠨᠦᠭᠦᠳ ᠪᠠᠶᠢᠭᠰᠠᠨ᠃ ᠡᠭᠦᠨ ᠲᠡᠢ ᠬᠣᠯᠪᠣᠭᠠᠲᠠᠢ ᠪᠠᠷ ᠨᠠᠢ᠌ᠮᠠᠨ ᠺᠣᠨᠲ᠋ᠧᠨᠲ ᠪᠡᠯᠡᠳᠬᠡᠵᠦ᠂ 16  ᠲᠸᠯᠸᠢᠰ ᠢᠶᠡᠷ ᠳᠠᠪᠬᠤᠷᠳᠠᠭᠰᠠᠨ ᠲᠣᠭ᠎ᠠ ᠪᠠᠷ 5.2 ᠰᠠᠶ᠎ᠠ ᠬᠦᠮᠦᠨ ᠳᠦ ᠬᠦᠷᠭᠡᠭᠰᠡᠨ᠃ ᠬᠠᠷᠢᠨ 《ᠨᠠᠭᠠᠳᠤᠮ》 ᠺᠣᠨᠲ᠋ᠧᠨᠲ ᠢ ᠠᠷᠠᠳ ᠤᠨ ᠬᠤᠪᠢᠰᠬᠠᠯ ᠤᠨ ᠣᠢ ᠶᠢ ᠲᠡᠮᠳᠡᠭᠯᠡᠨ ᠥᠩᠭᠡᠷᠡᠭᠦᠯᠬᠦ ᠵᠠᠷᠤᠳᠠᠯ ᠠᠴᠠ 980 ᠰᠠᠶ᠎ᠠ ᠲᠥᠭᠥᠷᠢᠭ ᠭᠠᠷᠭᠠᠵᠤ ᠵᠣᠬᠢᠶᠠᠨ ᠪᠠᠶᠢᠭᠤᠯᠤᠭᠰᠠᠨ᠃

ᠰᠡᠳᠬᠢᠭᠳᠡᠯ ᠦᠯᠡᠳᠡᠭᠡᠬᠦ