ᠮᠣᠩᠭᠣᠯ ᠤᠯᠤᠰ ᠤᠨ ᠨᠡᠶᠢᠭᠡᠮ᠂ ᠡᠳ᠋ ᠦᠨ ᠵᠠᠰᠠᠭ ᠤᠨ ᠬᠥᠭᠵᠢᠯ ᠳᠤ ᠪᠣᠳᠠᠲᠠᠢ ᠬᠤᠪᠢ ᠨᠡᠮᠡᠷᠢ ᠪᠡᠨ ᠣᠷᠣᠭᠤᠯᠵᠤ ᠪᠤᠢ ᠣᠨ ᠤ ᠣᠨᠴᠠᠯᠠᠬᠤ ᠠᠵᠤ ᠠᠬᠤᠢ ᠶᠢᠨ ᠨᠢᠭᠡᠴᠢ᠂ ᠪᠠᠶᠢᠭᠤᠯᠤᠯᠭ᠎ᠠ᠂ ᠪᠢᠽᠢᠨᠧᠰ ᠡᠷᠬᠢᠯᠡᠭᠴᠢᠳ ᠢ ᠰᠢᠯᠭᠠᠷᠠᠭᠤᠯᠤᠨ ᠡᠷᠭᠦᠮᠵᠢᠯᠡᠳᠡᠭ Entrepreneur-2021 ᠶᠣᠰᠣᠯᠠᠯ ᠰᠢᠨ᠎ᠡ ᠣᠨ ᠤ ᠪᠤᠱᠤᠭ᠎ᠠ ᠳᠡᠭᠡᠷ᠎ᠡ 24 ᠳ᠋ᠡᠬᠢ ᠵᠢᠯ ᠳᠦ ᠪᠡᠨ ᠪᠣᠯᠤᠭᠰᠠᠨ ᠪᠢᠯᠡ᠃ ᠡᠨᠡ ᠬᠦ ᠶᠣᠰᠣᠯᠠᠯ ᠤᠨ ᠦᠶ᠎ᠡ ᠪᠡᠷ《ᠭᠠᠩ ᠬᠢᠴᠡ》ᠺᠣᠮᠫᠠᠨᠢ ᠦᠨᠳᠦᠰᠦᠨ ᠦ ᠰᠢᠯᠢᠳᠡᠭ ᠦᠢᠯᠡᠳᠪᠦᠷᠢᠯᠡᠭᠴᠢ ᠪᠡᠷ ᠲᠣᠳᠣᠷᠠᠭᠰᠠᠨ ᠶᠤᠮ᠃
《ᠭᠠᠩ ᠬᠢᠴᠡ》ᠺᠣᠮᠫᠠᠨᠢ ᠶᠢᠨ ᠲᠥᠯᠥᠭᠡᠯᠡᠨ ᠤᠳᠤᠷᠢᠳᠬᠤ ᠵᠥᠪᠯᠡᠯ ᠦᠨ ᠳᠠᠷᠤᠭ᠎ᠠ ᠮ∙ᠳᠠᠸᠠᠰᠦ᠋ᠷᠦᠩ᠄ 2019 ᠣᠨ ᠠᠴᠠ ᠡᠬᠢᠯᠡᠨ ᠮᠠᠨ ᠤ ᠺᠣᠮᠫᠠᠨᠢ ᠲᠠᠪᠤᠨᠲᠣᠯᠣᠭᠠᠢ-ᠵᠡᠭᠦᠨᠪᠠᠶᠠᠨ ᠴᠢᠭᠯᠡᠯ ᠦᠨ ᠭᠣᠣᠯ ᠲᠡᠮᠦᠷ ᠵᠠᠮ ᠤᠨ ᠴᠢᠬᠤᠯᠠ ᠱᠠᠭᠠᠷᠳᠠᠯᠭ᠎ᠠ ᠲᠠᠢ ᠪᠸᠲ᠋ᠤᠨ ᠳᠡᠷᠡ ᠶᠢ ᠦᠢᠯᠡᠳᠪᠦᠷᠢᠯᠡᠵᠦ ᠡᠬᠢᠯᠡᠭᠰᠡᠨ᠃ ᠡᠨᠳᠡ ᠤᠯᠠᠭᠠᠨᠪᠠᠭᠠᠲᠤᠷ ᠬᠣᠲᠠ ᠶᠢᠨ ᠭᠤᠷᠪᠠᠨ ᠺᠣᠮᠫᠠᠨᠢ᠂ ᠳᠣᠷᠣᠨᠠᠲᠤ ᠠᠶᠢᠮᠠᠭ ᠤᠨ ᠨᠢᠭᠡ ᠺᠣᠮᠫᠠᠨᠢ ᠲᠠᠢ ᠨᠡᠶᠢᠯᠡᠨ᠂ ᠲᠡᠮᠦᠷ ᠵᠠᠮ ᠤᠨ ᠪᠸᠲ᠋ᠤᠨ ᠳᠡᠷᠡ ᠬᠢᠵᠦ ᠴᠢᠳᠠᠳᠠᠭ ᠢᠶᠠᠨ ᠬᠠᠷᠠᠭᠤᠯᠵᠤ ᠪᠠᠶᠢᠭ᠎ᠠ᠃ ᠭᠠᠳᠠᠭᠠᠳᠤ ᠠᠴᠠ ᠲᠡᠮᠦᠷ ᠵᠠᠮ ᠤᠨ ᠴᠢᠨᠠᠷ ᠤᠨ ᠱᠠᠭᠠᠷᠳᠠᠯᠭ᠎ᠠ ᠬᠠᠩᠭᠠᠬᠤ ᠦᠭᠡᠢ᠂ ᠡᠨᠳᠡ ᠲᠡᠨᠳᠡᠬᠢ ᠶᠢᠨ ᠳᠡᠷᠡ ᠪᠸᠲ᠋ᠤᠨ ᠣᠷᠣᠭᠤᠯᠵᠤ ᠢᠷᠡᠳᠡᠭ ᠪᠠᠶᠢᠳᠠᠯ ᠢ ᠮᠣᠩᠭᠣᠯ ᠤᠨ ᠦᠨᠳᠦᠰᠦᠨ ᠦ ᠦᠢᠯᠡᠳᠪᠦᠷᠢ ᠨᠦᠭᠦᠳ ᠰᠠᠨᠠᠭ᠎ᠠ ᠨᠡᠶᠢᠯᠡᠨ ᠨᠢᠭᠡᠳᠦᠨ ᠬᠠᠯᠠᠵᠤ ᠪᠠᠶᠢᠨ᠎ᠠ᠃
ᠢᠩᠭᠢᠬᠦ ᠳᠦ ᠪᠡᠨ ᠧᠦ᠋ᠷᠣᠫᠠ ᠶᠢᠨ ᠨᠣᠮᠧᠷ ᠨᠢᠭᠡ ᠰᠲ᠋ᠠᠨᠳᠠᠷᠲ ᠢ ᠡᠬᠡ ᠣᠷᠣᠨ ᠳᠤ ᠪᠠᠨ ᠨᠡᠪᠲᠡᠷᠡᠭᠦᠯᠵᠦ ᠪᠠᠶᠢᠨ᠎ᠠ᠃ ᠲᠠᠰᠤᠷᠠᠯᠲᠠ ᠦᠭᠡᠢ ᠨᠢᠭᠡ ᠵᠢᠯ ᠵᠢᠷᠭᠤᠭᠠᠨ ᠰᠠᠷ᠎ᠠ ᠠᠵᠢᠯᠯᠠᠭᠰᠠᠨ ᠤ ᠬᠦᠴᠦᠨ ᠳᠦ 845.1 ᠮᠢᠩᠭᠠᠨ ᠰᠢᠷᠬᠡᠭ ᠪᠸᠲ᠋ᠤᠨ ᠳᠡᠷᠡ ᠦᠢᠯᠡᠳᠪᠦᠷᠢᠯᠡᠵᠦ᠂ ᠲᠡᠮᠦᠷ ᠵᠠᠮ ᠳᠤ ᠨᠡᠶᠢᠯᠡᠭᠦᠯᠦᠭᠡᠳ ᠪᠠᠶᠢᠨ᠎ᠠ᠃ ᠮᠥᠨ ᠵᠡᠭᠦᠨ ᠪᠥᠰᠡ ᠶᠢᠨ ᠪᠣᠰᠤᠭ᠎ᠠ ᠲᠡᠩᠬᠡᠯᠢᠭ ᠦᠨ᠂ ᠪᠠᠶᠠᠨᠲᠦ᠋ᠮᠡᠨ ᠡᠴᠡ ᠬᠣᠶᠢᠰᠢ ᠪᠠᠨ ᠣᠷᠣᠰ ᠤᠨ ᠬᠢᠯᠢ ᠬᠦᠷᠲᠡᠯᠡᠬᠢ ᠲᠡᠮᠦᠷ ᠵᠠᠮ ᠢ ᠳᠡᠷᠡ ᠪᠧᠲ᠋ᠣᠨ ᠢᠶᠠᠷ ᠬᠠᠩᠭᠠᠵᠤ ᠪᠠᠶᠢᠨ᠎ᠠ ᠭᠡᠪᠡ᠃