ᠤᠯᠤᠰ ᠲᠥᠷᠥ | News.MN

ᠤᠯᠤᠰ ᠲᠥᠷᠥ

ᠴᠠᠭ ᠠᠭᠤᠷ ᠤᠨ ᠪᠠᠶᠢᠭᠤᠯᠤᠯᠭ᠎ᠠ ᠶᠢᠨ ᠢᠷᠡᠭᠦᠯᠦᠭᠰᠡᠨ ᠮᠡᠳᠡᠭᠡᠯᠡᠯ ᠢᠶᠡᠷ ᠠᠷᠪᠠᠨ ᠬᠣᠶᠠᠳᠤᠭᠠᠷ ᠰᠠᠷ᠎ᠠ ᠶᠢᠨ 31  ᠦ ᠪᠠᠶᠢᠳᠠᠯ ᠢᠶᠠᠷ ᠨᠡᠶᠢᠲᠡ ᠨᠤᠲᠤᠭ ᠤᠨ 50 ᠭᠠᠷᠤᠢ ᠬᠤᠪᠢ ᠳᠤ ᠴᠠᠰᠤᠨ ᠪᠦᠷᠬᠦᠭᠦᠯ ᠲᠣᠭᠲᠠᠵᠠᠢ᠃ ᠡᠭᠦᠨ ᠡᠴᠡ ᠠᠯᠲᠠᠢ᠂ ᠬᠠᠩᠭᠠᠢ᠂ ᠬᠡᠨᠲᠡᠢ᠂ ᠬᠥᠪᠰᠥᠭᠥᠯ ᠦᠨ ᠥᠨᠳᠥᠷᠯᠢᠭ᠂ ᠬᠠᠨ ᠬᠦᠬᠦᠢ ᠨᠢᠷᠤᠭᠤ᠂ ᠬᠠᠷᠬᠢᠷ᠎ᠠ ᠲᠦᠷᠭᠡᠨ ᠦ ᠠᠭᠤᠯᠠᠰ ᠢᠶᠠᠷ 20.1 ᠰᠠᠨᠲ᠋ᠢᠮᠧᠲ᠋ᠷ ᠡᠴᠡ ᠶᠡᠬᠡ᠂  ᠤᠪᠰᠤ ᠶᠢᠨ ᠮᠠᠯᠴᠢᠨ ᠳᠤ 25 ᠰᠠᠨᠲ᠋ᠢᠮᠧᠲ᠋ᠷ᠂ ᠪᠠᠶᠠᠨ-ᠥᠯᠥᠭᠡᠢ ᠶᠢᠨ ᠰᠠᠭᠰᠠᠢ᠂ ᠤᠪᠰᠤ ᠶᠢᠨ ᠬᠢᠷᠭᠠᠰ᠂ ᠵᠡᠭᠦᠨᠭᠣᠪᠢ᠂ ᠪᠠᠷᠠᠭᠤᠨ ᠲᠤᠷᠤᠭᠤᠨ᠂ ᠬᠥᠪᠰᠥᠭᠥᠯ ᠦᠨ  ᠷᠢᠨᠴᠢᠨᠯᠾᠦ᠋ᠮᠪᠤ᠂ ᠰᠡᠯᠡᠩᠭᠡ ᠶᠢᠨ ᠢᠷᠦᠭᠡ ᠳᠦ 11-20 ᠰᠠᠨᠲ᠋ᠢᠮᠧᠲ᠋ᠷ ᠴᠠᠰᠤ ᠲᠠᠢ ᠪᠠᠶᠢᠨ᠎ᠠ᠃
ᠪᠠᠶᠠᠨ-ᠥᠯᠥᠭᠡᠢ ᠶᠢᠨ ᠪᠤᠯᠠᠭᠠᠨ᠂  ᠤᠪᠰᠤ ᠶᠢᠨ ᠤᠯᠠᠭᠠᠨ ᠭᠤᠮ᠂ ᠰᠠᠭᠢᠯ᠂ ᠲᠦᠷᠭᠡᠨ᠂ ᠵᠠᠪᠬᠠᠨ ᠤ ᠴᠠᠭᠠᠨᠬᠠᠶᠢᠷᠬᠠᠨ᠂ ᠲᠣᠰᠣᠨᠴᠡᠩᠭᠡᠯ᠂ ᠢᠷᠠᠭᠤ᠂ ᠪᠠᠶᠠᠨᠲᠡᠰ᠂ ᠥᠪᠦᠷᠬᠠᠩᠭᠠᠢ ᠶᠢᠨ ᠬᠠᠶᠢᠷᠬᠠᠨ ᠳᠤᠯᠠᠭᠠᠨ᠂ ᠬᠥᠪᠰᠥᠭᠥᠯ ᠦᠨ ᠴᠢᠨᠳᠠᠮᠤᠨᠢ-ᠥᠨᠳᠥᠷ᠂ ᠴᠡᠴᠡᠷᠯᠢᠭ᠂ ᠤᠯᠠᠭᠠᠨ-ᠠᠭᠤᠯᠠ᠂ ᠴᠠᠭᠠᠨ-ᠡᠭᠦᠷ᠂ ᠴᠠᠭᠠᠨᠨᠠᠭᠤᠷ᠂ ᠰᠡᠯᠡᠩᠭᠡ ᠶᠢᠨ ᠰᠦᠬᠡᠪᠠᠭᠠᠲᠤᠷ᠂ ᠲᠦᠰᠢᠭ᠂ ᠵᠡᠭᠦᠨ ᠪᠦᠷᠢᠨ᠂ ᠬᠥᠳᠡᠷ᠂ ᠳᠣᠷᠣᠨᠠᠲᠤ ᠶᠢᠨ ᠬᠠᠯᠬ᠎ᠠ ᠭᠤᠤᠯ ᠳᠤ 6-10 ᠰᠠᠨᠲ᠋ᠢᠮᠧᠲ᠋ᠷ᠂ ᠨᠤᠲᠤᠭ ᠤᠨ ᠵᠡᠭᠦᠨ ᠬᠤᠢᠳᠤ ᠬᠡᠰᠡᠭ᠂ ᠪᠠᠷᠠᠭᠤᠨ ᠪᠣᠯᠤᠨ ᠭᠣᠪᠢ ᠶᠢᠨ ᠠᠶᠢᠮᠠᠭ ᠤᠳ ᠤᠨ ᠵᠠᠷᠢᠮ ᠨᠤᠲᠤᠭ ᠢᠶᠠᠷ 1-5 ᠰᠠᠨᠲ᠋ᠢᠮᠧᠲ᠋ᠷ ᠴᠠᠰᠤ ᠲᠠᠢ᠂ ᠪᠤᠰᠤᠳ ᠨᠤᠲᠤᠭ ᠢᠶᠠᠷ ᠴᠠᠰᠤ ᠦᠭᠡᠢ ᠪᠠᠶᠢᠨ᠎ᠠ᠃

ᠰᠡᠳᠬᠢᠭᠳᠡᠯ ᠦᠯᠡᠳᠡᠭᠡᠬᠦ