U18 ᠡᠮᠡᠭᠲᠡᠶᠢᠴᠦᠳ ᠦᠨᠠᠯᠠᠭᠠᠳᠠᠬᠤ ᠪᠦᠮᠪᠦᠭᠡ ᠶᠢᠨ ᠲᠡᠮᠡᠴᠡᠭᠡᠨ ᠳᠦ ᠰᠡᠯᠡᠩᠭᠡ ᠶᠢᠨ ᠪᠠᠭ ᠲᠡᠷᠢᠭᠦᠯᠡᠵᠡᠢ | News.MN

U18 ᠡᠮᠡᠭᠲᠡᠶᠢᠴᠦᠳ ᠦᠨᠠᠯᠠᠭᠠᠳᠠᠬᠤ ᠪᠦᠮᠪᠦᠭᠡ ᠶᠢᠨ ᠲᠡᠮᠡᠴᠡᠭᠡᠨ ᠳᠦ ᠰᠡᠯᠡᠩᠭᠡ ᠶᠢᠨ ᠪᠠᠭ ᠲᠡᠷᠢᠭᠦᠯᠡᠵᠡᠢ

ᠡᠨᠡ ᠰᠠᠷ᠎ᠠ ᠶᠢᠨ 24-28 ᠤ ᠡᠳᠦᠷ ᠦᠳ ᠲᠦ ᠤᠯᠠᠭᠠᠨᠪᠠᠭᠠᠲᠤᠷ ᠬᠤᠲᠠ ᠳᠤ ᠪᠣᠯᠤᠭᠰᠠᠨ U18 ᠠᠪᠤᠷᠭᠤ ᠰᠢᠯᠭᠠᠷᠠᠭᠤᠯᠬᠤ ᠡᠮᠡᠭᠲᠡᠶᠢᠴᠦᠳ ᠦᠨ ᠠᠯᠠᠭᠠᠳᠠᠬᠤ ᠪᠦᠮᠪᠦᠭᠡ ᠶᠢᠨ ᠲᠡᠮᠡᠴᠡᠭᠡᠨ ᠳᠦ ᠰᠡᠯᠡᠩᠭᠡ ᠠᠶᠢᠮᠠᠭ ᠤᠨ ᠪᠠᠭ ᠲᠠᠮᠢᠷᠴᠢᠳ ᠲᠦᠷᠦᠭᠦᠯᠡᠵᠦ᠂ ᠠᠯᠲᠠᠨ ᠮᠧᠳᠠᠯ ᠤᠨ ᠡᠵᠡᠳ ᠪᠣᠯᠤᠭᠰᠠᠨ ᠪᠠᠶᠢᠨ᠎ᠠ᠃
ᠤᠯᠤᠰ ᠤᠨ ᠶᠡᠬᠡ ᠬᠤᠷᠠᠯ  ᠤᠨ ᠭᠡᠰᠢᠭᠦᠨ᠂ ᠰᠡᠯᠡᠩᠭᠡ ᠠᠶᠢᠮᠠᠭ ᠤᠨ ᠠᠯᠠᠭᠠᠳᠠᠬᠤ ᠪᠦᠮᠪᠦᠭᠡ ᠶᠢᠨ ᠬᠣᠯᠪᠣᠭᠠᠨ ᠤ ᠲᠡᠷᠢᠭᠦᠨ ᠵ ∙ ᠡᠷᠳᠡᠨᠢᠪᠠᠲᠤ ᠰᠠᠨᠠᠭᠠᠴᠢᠯᠠᠨ 2014 ᠣᠨ ᠳᠤ ᠲᠤᠰ ᠠᠶᠢᠮᠠᠭ ᠲᠤ ᠠᠯᠠᠭᠠᠳᠠᠬᠤ ᠪᠦᠮᠪᠦᠭᠡ ᠶᠢᠨ ᠭᠦᠨᠵᠡᠭᠡᠢ ᠠᠩᠭᠢ ᠶᠢ ᠨᠡᠭᠡᠭᠡᠵᠦ ᠪᠠᠶᠢᠭᠰᠠᠨ ᠲᠡᠦᠬᠡ ᠲᠡᠢ᠃ ᠲᠡᠭᠡᠪᠡᠯ ᠲᠤᠰ ᠠᠩᠬᠢ ᠶᠢᠨ ᠲᠠᠮᠢᠷᠴᠢᠳ ᠡᠶᠢᠨᠬᠦᠦ ᠲᠡᠮᠡᠴᠡᠭᠡᠨ ᠦ ᠰᠢᠯᠢᠳᠡᠭ ᠦᠳ ᠪᠣᠯᠵᠠᠢ᠃ ᠲᠡᠮᠡᠴᠡᠭᠡᠨ ᠦ ᠰᠢᠯᠢᠳᠡᠭ ᠬᠣᠯᠪᠣᠨ ᠲᠣᠭᠯᠠᠭᠴᠢ ᠪᠠᠷ ᠪ∙ᠰᠠᠷᠠᠨᠭᠡᠷᠡᠯ᠂ ᠰᠢᠯᠢᠳᠡᠭ ᠦᠨ ᠰᠢᠯᠢᠳᠡᠭ ᠲᠡᠭᠰᠢ ᠲᠣᠭᠯᠠᠭᠴᠢ ᠪᠠᠷ ᠫ∙ᠬᠠᠨᠳᠠᠵᠠᠶᠠᠭ᠎ᠠ᠂ ᠰᠢᠯᠢᠳᠡᠭ ᠳᠠᠰᠬᠠᠯᠵᠢᠭᠤᠯᠤᠭᠴᠢ ᠪᠠᠷ ᠠ᠊∙  ᠠᠮᠤᠷᠲᠦ᠋ᠪᠰᠢᠨ ᠰᠢᠯᠭᠠᠷᠠᠭᠰᠠᠨ ᠪᠠᠶᠢᠨ᠎ᠠ᠃
ᠮᠣᠩᠭᠣᠯ ᠤᠨ ᠠᠯᠠᠭᠠᠳᠠᠬᠤ ᠪᠦᠮᠪᠦᠭᠡ ᠶᠢᠨ ᠵᠠᠯᠠᠭᠤᠴᠤᠳ ᠤᠨ ᠬᠣᠯᠪᠣᠭᠠᠨ ᠠᠴᠠ ᠵᠣᠬᠢᠶᠠᠨ ᠪᠠᠶᠢᠭᠤᠯᠤᠭᠰᠠᠨ ᠡᠯ᠎ᠡ ᠲᠡᠮᠡᠴᠡᠭᠡᠨ ᠳᠦ 21 ᠪᠠᠭ ᠥᠷᠢᠰᠦᠯᠳᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ