ᠰᠠᠷ᠎ᠠ ᠶᠢᠨ ᠵᠠᠷᠤᠳᠠᠯ ᠨᠢ 184 ᠮᠢᠩᠭ᠎ᠠ ᠠᠴᠠ ᠳᠣᠭᠣᠭᠰᠢ ᠪᠣᠯ ᠶᠠᠳᠠᠭᠤ ᠳᠤ ᠲᠣᠭᠠᠴᠠᠭᠰᠠᠨ | News.MN

ᠰᠠᠷ᠎ᠠ ᠶᠢᠨ ᠵᠠᠷᠤᠳᠠᠯ ᠨᠢ 184 ᠮᠢᠩᠭ᠎ᠠ ᠠᠴᠠ ᠳᠣᠭᠣᠭᠰᠢ ᠪᠣᠯ ᠶᠠᠳᠠᠭᠤ ᠳᠤ ᠲᠣᠭᠠᠴᠠᠭᠰᠠᠨ

ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠳᠡᠯᠡᠬᠡᠢ ᠶᠢᠨ ᠪᠠᠩᠬᠢᠨ ᠤ ᠲᠧᠭᠨᠢᠭ ᠲᠤᠰᠠᠯᠠᠯᠴᠠᠭ᠎ᠠ ᠲᠠᠢ ᠪᠠᠷ ᠶᠠᠳᠠᠭᠤᠷᠠᠯ ᠤᠨ ᠦᠵᠡᠭᠦᠯᠦᠯᠲᠡ ᠶᠢ 2002 ᠣᠨ ᠠᠴᠠ ᠡᠬᠢᠯᠡᠨ ᠵᠠᠷᠯᠠᠵᠤ ᠡᠬᠢᠯᠡᠭᠰᠡᠨ᠃ ᠡᠨᠡ ᠦᠵᠡᠭᠦᠯᠦᠯᠲᠡ ᠶᠢ ᠬᠣᠶᠠᠷ ᠵᠢᠯ ᠲᠤᠲᠤᠮ ᠳᠤ ᠲᠠᠨᠢᠯᠴᠠᠭᠤᠯᠳᠠᠭ᠃ 2018 ᠣᠨ ᠳᠤ ᠶᠠᠳᠠᠭᠤᠷᠠᠯ 28.4 ᠬᠤᠪᠢ ᠲᠠᠢ ᠪᠠᠶᠢᠭᠰᠠᠨ᠃ ᠬᠠᠷᠢᠨ 2020 ᠣᠨ ᠤ ᠪᠠᠶᠢᠳᠠᠯ ᠢᠶᠠᠷ ᠤᠯᠤᠰ ᠤᠨ ᠬᠡᠮᠵᠢᠶᠡᠨ ᠳᠦ ᠶᠠᠳᠠᠭᠤᠷᠠᠯ ᠤᠨ ᠲᠦᠪᠰᠢᠨ 27.8 ᠬᠤᠪᠢ ᠪᠣᠯᠵᠠᠢ᠃ ᠡᠨᠡ ᠨᠢ 2018 ᠣᠨ ᠤ ᠦᠵᠡᠭᠦᠯᠦᠯᠲᠡ ᠡᠴᠡ 0.6 ᠬᠤᠪᠢ ᠪᠠᠷ ᠪᠠᠭᠤᠷᠠᠭᠰᠠᠨ ᠲᠦᠪᠰᠢᠨ ᠶᠤᠮ᠃
ᠡᠭᠦᠨ ᠳᠦ ᠬᠣᠲᠠ ᠰᠠᠭᠤᠷᠢᠨ ᠭᠠᠵᠠᠷ ᠲᠤ ᠶᠠᠳᠠᠭᠤᠷᠠᠯ ᠤᠨ ᠲᠦᠪᠰᠢᠨ 26.5 ᠬᠤᠪᠢ᠂ ᠬᠥᠳᠡᠭᠡ ᠣᠷᠣᠨ ᠨᠤᠲᠤᠭ ᠲᠤ 30.5 ᠬᠤᠪᠢ ᠲᠠᠢ ᠪᠠᠶᠢᠨ᠎ᠠ᠃ ᠶᠠᠳᠠᠭᠤ ᠭᠡᠬᠦ ᠦᠵᠡᠭᠦᠯᠦᠯᠲᠡ ᠳᠦ ᠪᠠᠭᠲᠠᠭᠰᠠᠨ ᠬᠦᠮᠦᠨ ᠠᠮᠠ ᠶᠢᠨ 43.5 ᠨᠢ ᠤᠯᠠᠭᠠᠨᠪᠠᠭᠠᠲᠤᠷ ᠲᠤ᠂ 20.4 ᠬᠤᠪᠢ ᠨᠢ ᠠᠶᠢᠮᠠᠭ ᠤᠨ ᠲᠥᠪ ᠲᠦ᠂ 36.1 ᠬᠤᠪᠢ ᠨᠢ ᠰᠤᠮᠤ ᠶᠢᠨ ᠲᠥᠪ ᠪᠣᠯᠤᠨ ᠬᠥᠳᠡᠭᠡ ᠳᠦ ᠪᠠᠶᠢᠭ᠎ᠠ ᠶᠤᠮ᠃ ᠮᠣᠩᠭᠣᠯ ᠤᠯᠤᠰ ᠤᠨ 3.3 ᠰᠠᠶ᠎ᠠ ᠢᠷᠭᠡᠨ ᠦ 903.4 ᠮᠢᠩᠭ᠎ᠠ ᠨᠢ ᠶᠠᠳᠠᠭᠤ ᠪᠠᠶᠢᠨ᠎ᠠ᠃ ᠲᠤᠬᠠᠢ ᠶᠢᠨ ᠬᠦᠮᠦᠨ ᠦ ᠰᠠᠷ᠎ᠠ ᠶᠢᠨ ᠬᠡᠷᠡᠭᠯᠡᠭᠡᠨ ᠦ ᠵᠠᠷᠤᠳᠠᠯ 184 ᠮᠢᠩᠭ᠎ᠠ 747 ᠲᠥᠭᠥᠷᠢᠭ ᠡᠴᠡ ᠳᠣᠭᠣᠭᠰᠢ ᠪᠠᠶᠢᠭᠰᠠᠨ ᠨᠥᠬᠥᠴᠡᠯ ᠳᠦ ᠶᠠᠳᠠᠭᠤ ᠬᠦᠮᠦᠨ ᠠᠮᠠ ᠳᠤ ᠲᠣᠭᠠᠴᠠᠭᠰᠠᠨ᠃ ᠲᠡᠭᠡᠬᠦ ᠪᠡᠷ 2020 ᠣᠨ ᠤ ᠶᠠᠳᠠᠭᠤᠷᠠᠯ ᠤᠨ ᠱᠤᠭᠤᠮ ᠪᠣᠯ 184 ᠮᠢᠩᠭ᠎ᠠ 747 ᠲᠥᠭᠥᠷᠢᠭ ᠶᠤᠮ᠃

ᠰᠡᠳᠬᠢᠭᠳᠡᠯ ᠦᠯᠡᠳᠡᠭᠡᠬᠦ