ᠨᠠᠮᠤᠷ ᠤᠨ ᠴᠢᠭᠤᠯᠭᠠᠨ ᠤ ᠬᠠᠮᠤᠭ ᠤᠨ《ᠣᠨᠴᠠ ᠭᠡᠰᠢᠭᠦᠨ》 ᠢᠶᠡᠷ ᠶᠣ᠊ ∙ ᠪᠠᠭᠠᠲᠤᠷᠪᠢᠯᠢᠭ᠌ ᠲᠤᠳᠤᠷᠠᠵᠠᠢ | News.MN

ᠨᠠᠮᠤᠷ ᠤᠨ ᠴᠢᠭᠤᠯᠭᠠᠨ ᠤ ᠬᠠᠮᠤᠭ ᠤᠨ《ᠣᠨᠴᠠ ᠭᠡᠰᠢᠭᠦᠨ》 ᠢᠶᠡᠷ ᠶᠣ᠊ ∙ ᠪᠠᠭᠠᠲᠤᠷᠪᠢᠯᠢᠭ᠌ ᠲᠤᠳᠤᠷᠠᠵᠠᠢ

ᠤᠯᠤᠰ ᠤᠨ ᠶᠡᠬᠡ ᠬᠤᠷᠠᠯ ᠤᠨ ᠭᠡᠰᠢᠭᠦᠨ ᠶᠣ᠊∙ᠪᠠᠭᠠᠲᠤᠷᠪᠢᠯᠢᠭ᠌ 64 ᠤᠳᠠᠭ᠎ᠠ ᠶᠢᠨ ᠨᠢᠭᠡᠳᠦᠭᠰᠡᠨ ᠬᠤᠷᠠᠯᠳᠤᠭᠠᠨ ᠳᠤ ᠭᠠᠭᠴᠠ ᠴᠤ ᠤᠳᠠᠭ᠎ᠠ ᠶᠢᠨ ᠬᠤᠴᠤᠷᠤᠯᠲᠠ᠂ ᠲᠠᠰᠤᠯᠤᠯ ᠦᠭᠡᠢ ᠣᠷᠣᠯᠴᠠᠭᠰᠠᠨ ᠭᠡᠰᠢᠭᠦᠨ ᠢᠶᠡᠷ ᠰᠢᠯᠭᠠᠷᠠᠵᠠᠢ᠃ 2021 ᠣᠨ ᠤ ᠬᠠᠪᠤᠷ᠂ ᠨᠠᠮᠤᠷ ᠤᠨ ᠴᠢᠭᠤᠯᠭᠠᠨ ᠨᠡᠶᠢᠲᠡ 61 ᠤᠳᠠᠭ᠎ᠠ ᠬᠤᠷᠠᠯᠳᠤᠵᠠᠢ᠃ ᠶᠣ᠊ ∙ ᠪᠠᠭᠠᠲᠤᠷᠪᠢᠯᠢᠭ᠌ 2021 ᠣᠨ ᠤ ᠬᠠᠪᠤᠷ ᠤᠨ ᠴᠢᠭᠤᠯᠭᠠᠨ ᠤ 34᠂ ᠨᠠᠮᠤᠷ ᠤᠨ ᠴᠢᠭᠤᠯᠭᠠᠨ ᠤ 12 ᠳ᠋ᠤᠭᠠᠷ ᠰᠠᠷ᠎ᠠ ᠶᠢᠨ 31  ᠦ ᠪᠠᠶᠢᠳᠠᠯ ᠢᠶᠠᠷ 27 ᠤᠳᠠᠭ᠎ᠠ ᠬᠤᠷᠠᠯᠳᠤᠬᠤ ᠳᠤ ᠭᠠᠭᠴᠠ ᠮᠢᠨᠦ᠋ᠲ ᠢᠶᠠᠷ ᠴᠤ ᠬᠣᠴᠣᠷᠤᠯ ᠦᠭᠡᠢ ᠪᠦᠷᠢᠨ ᠰᠠᠭᠤᠭᠰᠠᠨ ᠪᠠᠶᠢᠨ᠎ᠠ᠃ ᠡᠶᠢᠨ ᠬᠦ ᠲᠡᠷᠡᠪᠡᠷ ᠦᠩᠭᠡᠷᠡᠵᠦ ᠪᠤᠢ ᠣᠨ ᠤ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠳᠤ ᠲᠠᠰᠤᠯᠤᠯ᠂ ᠬᠣᠴᠣᠷᠤᠯᠲᠠ ᠦᠭᠡᠢ ᠣᠷᠣᠯᠴᠠᠭᠰᠠᠨ ᠲᠥᠷᠥ ᠶᠢᠨ ᠲᠦᠰᠢᠶ᠎ᠡ ᠪᠡᠷ ᠰᠢᠯᠭᠠᠷᠠᠯ᠎ᠠ᠃
ᠲᠡᠭᠦᠨ ᠦ ᠳᠠᠷᠠᠭ᠎ᠠ ᠤᠯᠤᠰ ᠤᠨ ᠶᠡᠬᠡ ᠬᠤᠷᠠᠯ  ᠤᠨ ᠭᠡᠰᠢᠭᠦᠨ ᠬ᠂ ᠪᠠᠳᠧᠯᠬᠠᠨ ᠨᠢᠭᠡ ᠤᠳᠠᠭ᠎ᠠ 35 ᠮᠢᠨᠦ᠋ᠲ ᠦᠨ ᠴᠢᠯᠦᠭᠡ ᠠᠪᠤᠭᠰᠠᠨ ᠠᠴᠠ ᠪᠤᠰᠤᠳ ᠪᠦᠬᠦ ᠨᠢᠭᠡᠳᠦᠭᠰᠡᠨ ᠬᠤᠷᠠᠯᠳᠤᠭᠠᠨ ᠳᠤ ᠣᠷᠣᠯᠴᠠᠵᠤ᠂ ᠬᠣᠶᠠᠳᠤᠭᠠᠷ ᠪᠠᠶᠢᠷᠢ ᠳᠤ ᠰᠢᠯᠭᠠᠷᠠᠭᠰᠠᠨ ᠪᠠᠶᠢᠨ᠎ᠠ᠃ ᠭᠤᠷᠪᠠᠳᠤᠭᠠᠷ ᠲᠤ ᠨᠢᠭᠡ ᠤᠳᠠᠭ᠎ᠠ 8 ᠴᠠᠭ 30 ᠮᠢᠨᠦ᠋ᠲ ᠤᠨ ᠴᠢᠯᠦᠭᠡ ᠠᠪᠤᠭᠰᠠᠨ ᠤᠯᠤᠰ ᠤᠨ ᠶᠡᠬᠡ ᠬᠤᠷᠠᠯ ᠤᠨ ᠭᠡᠰᠢᠭᠦᠨ ᠳ ∙ ᠲᠣᠭᠲᠠᠬᠤᠰᠦ᠋ᠷᠦᠩ ᠣᠷᠣᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ