《ᠴᠣᠭᠲᠤ ᠣᠪᠣᠭ᠎ᠠ ᠶᠢᠨ ᠤᠯᠠᠭᠠᠨ ᠢᠮᠠᠭ᠎ᠠ》 ᠶᠢ ᠣᠮᠤᠭ ᠪᠣᠯᠭᠠᠨ ᠪᠠᠲᠤᠯᠠᠭᠠᠵᠢᠭᠤᠯᠵᠠᠢ | News.MN

《ᠴᠣᠭᠲᠤ ᠣᠪᠣᠭ᠎ᠠ ᠶᠢᠨ ᠤᠯᠠᠭᠠᠨ ᠢᠮᠠᠭ᠎ᠠ》 ᠶᠢ ᠣᠮᠤᠭ ᠪᠣᠯᠭᠠᠨ ᠪᠠᠲᠤᠯᠠᠭᠠᠵᠢᠭᠤᠯᠵᠠᠢ

ᠡᠮᠦᠨᠡᠭᠣᠪᠢ ᠠᠶᠢᠮᠠᠭ ᠤᠨ ᠴᠣᠭᠲᠤ-ᠣᠪᠣᠭ᠎ᠠ ᠰᠤᠮᠤ ᠶᠢᠨ ᠤᠯᠠᠭᠠᠨ ᠢᠮᠠᠭ᠎ᠠ ᠶᠢ ᠣᠮᠤᠭ ᠪᠣᠯᠭᠠᠨ ᠪᠠᠲᠤᠯᠠᠭᠠᠵᠢᠭᠤᠯᠵᠠᠢ᠃ ᠤᠭ ᠢᠮᠠᠭ᠎ᠠ ᠶᠢ 1980  ᠊ᠭᠠᠳ ᠣᠨ ᠠᠴᠠ ᠬᠣᠶᠢᠰᠢ ᠢᠯᠭᠠᠨ ᠰᠠᠭᠤᠷᠢᠯᠠᠯᠲᠠ ᠶᠢᠨ ᠠᠵᠢᠯ ᠢ ᠡᠬᠢᠯᠡᠭᠦᠯᠵᠦ᠂ 2000  ᠊ᠭᠠᠳ ᠣᠨ ᠤ ᠳᠤᠮᠳᠠ ᠦᠶ᠎ᠡ ᠡᠴᠡ ᠰᠤᠳᠤᠯᠭᠠᠨ ᠤ ᠠᠵᠢᠯ ᠢ ᠡᠬᠢᠯᠡᠭᠦᠯᠦᠭᠰᠡᠨ᠃ 《ᠴᠣᠭᠲᠤ-ᠣᠪᠣᠭ᠎ᠠ ᠶᠢᠨ ᠤᠯᠠᠭᠠᠨ》ᠣᠮᠤᠭ ᠤᠨ ᠢᠮᠠᠭᠠᠨ ᠤ ᠰᠤᠳᠤᠯᠭᠠᠨ ᠤ ᠠᠵᠢᠯ ᠢ ᠡᠬᠢᠯᠡᠭᠦᠯᠵᠦ ᠨᠥᠷᠢ ᠶᠡᠬᠡ ᠬᠥᠳᠡᠯᠮᠦᠷᠢ ᠪᠡᠨ ᠵᠣᠷᠢᠭᠤᠯᠤᠭᠰᠠᠨ ᠮᠠᠯ ᠵᠦᠢᠴᠢ ᠯ ∙ ᠫᠤᠩᠰᠤᠨᠴᠤᠭᠪᠤ ᠠᠭᠰᠠᠨ᠂ ᠤᠯᠤᠰ ᠤᠨ ᠠᠪᠤᠷᠭᠤ ᠮᠠᠯᠴᠢᠨ ᠴ ∙ ᠪᠢᠮᠪᠠ  ᠠᠭᠰᠠᠨ ᠨᠠᠷ ᠪᠠᠶᠢᠭᠰᠠᠨ ᠢ ᠲᠤᠰ ᠰᠤᠮᠤ ᠶᠢᠨ ᠤᠳᠤᠷᠢᠳᠤᠯᠭ᠎ᠠ ᠣᠨᠴᠠᠯᠠᠭᠰᠠᠨ ᠶᠤᠮ᠃ ᠮᠥᠨ ᠰᠤᠳᠤᠯᠭᠠᠨ ᠤ ᠠᠵᠢᠯ ᠢ ᠤᠳᠤᠷᠢᠳᠤᠨ ᠵᠣᠬᠢᠶᠠᠨ ᠪᠠᠶᠢᠭᠤᠯᠤᠭᠰᠠᠨ ᠬᠦᠳᠡᠭᠡ ᠠᠵᠤ ᠠᠬᠤᠢ ᠶᠢᠨ  ᠤᠬᠠᠭᠠᠨ ᠤ ᠳ᠋ᠣᠺᠲ᠋ᠣᠷ ᠭ∙ᠰᠤᠪᠤᠳ ᠂ ᠢᠮᠠᠭ᠎ᠠ ᠰᠤᠳᠤᠯᠤᠭᠠᠴᠢ ᠳ᠋ᠣᠺᠲ᠋ᠣᠷ ᠠᠭᠰᠠᠨ ᠳ ∙ ᠳᠥᠩᠭᠡ᠂ ᠲᠥᠷᠥ ᠶᠢᠨ ᠰᠤᠶᠤᠷᠬᠠᠯᠲᠤ ᠮᠠᠯ ᠵᠦᠢᠴᠢ ᠪ∙ᠮᠠᠨᠳᠤᠬᠤ ᠨᠠᠷ ᠤᠨ ᠠᠵᠢᠯ ᠤᠨ ᠦᠷ᠎ᠡ ᠳ᠋ᠦᠩ ᠳᠦ ᠡᠶᠢᠨᠬᠦᠦ ᠴᠣᠭᠲᠤ-ᠣᠪᠣᠭ᠎ᠠ ᠰᠤᠮᠤ ᠶᠢᠨ ᠤᠯᠠᠭᠠᠨ ᠢᠮᠠᠭ᠎ᠠ ᠣᠮᠤᠭ ᠪᠣᠯᠵᠠᠢ᠃
ᠡᠨᠡ ᠬᠦ ᠣᠮᠤᠭ ᠤᠨ ᠢᠮᠠᠭ᠎ᠠ ᠨᠢ ᠭᠣᠪᠢ ᠶᠢᠨ ᠪᠥᠰᠡ ᠳᠦ ᠳᠠᠰᠤᠨ ᠵᠣᠬᠢᠴᠠᠭᠰᠠᠨ᠂ ᠴᠢᠭᠢᠷᠠᠭ ᠪᠡᠶ᠎ᠡ ᠲᠡᠢ᠂ ᠲᠡᠰᠪᠦᠷᠢ ᠬᠠᠲᠠᠭᠤᠵᠢᠯᠲᠠᠢ᠂ ᠡᠪᠡᠳᠴᠢᠨ ᠳᠠᠭᠠᠭᠠᠬᠤ ᠴᠢᠳᠠᠪᠤᠷᠢ ᠲᠠᠢ ᠪᠥᠭᠡᠳ ᠨᠤᠯᠤᠤᠷ ᠤᠨ ᠭᠠᠷᠴᠠ᠂ ᠮᠢᠬ᠎ᠠ ᠨᠢ ᠴᠢᠨᠠᠷ ᠲᠡᠢ ᠶᠤᠮ᠃

ᠰᠡᠳᠬᠢᠭᠳᠡᠯ ᠦᠯᠡᠳᠡᠭᠡᠬᠦ