ᠮᠣᠩᠭᠣᠯ ᠤᠯᠤᠰ ᠡᠳ᠋  ᠦᠨ ᠵᠠᠰᠠᠭ ᠤᠨ ᠬᠥᠭᠵᠢᠯ ᠢᠶᠡᠷ ᠢᠶᠡᠨ ᠠᠽᠢ ᠳᠤ ᠪᠠᠨ ᠲᠡᠷᠢᠭᠦᠯᠡᠬᠦ ᠪᠣᠯᠤᠮᠵᠢ ᠲᠠᠢ | News.MN

ᠮᠣᠩᠭᠣᠯ ᠤᠯᠤᠰ ᠡᠳ᠋  ᠦᠨ ᠵᠠᠰᠠᠭ ᠤᠨ ᠬᠥᠭᠵᠢᠯ ᠢᠶᠡᠷ ᠢᠶᠡᠨ ᠠᠽᠢ ᠳᠤ ᠪᠠᠨ ᠲᠡᠷᠢᠭᠦᠯᠡᠬᠦ ᠪᠣᠯᠤᠮᠵᠢ ᠲᠠᠢ

ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠰᠢᠨ᠎ᠡ ᠵᠢᠯ ᠦᠨ ᠮᠡᠨᠳᠦᠴᠢᠯᠡᠭᠡ ᠳᠡᠪᠰᠢᠭᠦᠯᠦᠯ᠎ᠡ᠃ ᠲᠡᠷᠡ ᠪᠡᠷ᠄ ᠠᠷᠠᠳ ᠢᠷᠭᠡᠳ ᠡ᠂ ᠡᠯᠢᠭᠡ ᠨᠢᠭᠡᠲᠦ ᠮᠣᠩᠭᠣᠯ ᠠᠬᠠᠨ ᠳᠡᠭᠦᠦᠰ ᠡ᠂ ᠲᠠ ᠪᠦᠬᠦᠨ ᠳᠦ ᠪᠡᠨ ᠠᠶᠢᠯᠴᠢᠯᠠᠨ ᠢᠷᠡᠵᠦ ᠪᠤᠢ ᠰᠢᠨ᠎ᠡ ᠵᠢᠯ ᠦᠨ ᠪᠠᠶᠠᠷ ᠤᠨ ᠮᠡᠨᠳᠦ ᠶᠢ ᠡᠷᠭᠦᠨ ᠳᠡᠪᠰᠢᠭᠦᠯᠵᠦ᠂ ᠠᠶᠢᠯ ᠡᠷᠦᠬᠡ ᠪᠦᠷᠢ ᠳᠦ ᠠᠵᠠ ᠵᠢᠷᠭᠠᠯ᠂ ᠡᠷᠡᠭᠦᠯ ᠡᠩᠬᠡ ᠰᠠᠶᠢᠨ ᠰᠠᠶᠢᠬᠠᠨ ᠪᠦᠬᠦᠨ ᠢ ᠬᠦᠰᠡᠨ ᠢᠷᠦᠭᠡᠶ᠎ᠡ᠃ ᠣᠨ ᠰᠣᠯᠢᠭᠳᠠᠬᠤ ᠲᠣᠷᠭᠠᠨᠮᠥᠴᠡ ᠳᠦ ᠮᠣᠩᠭᠣᠯᠴᠤᠳ ᠪᠢᠳᠡ ᠤᠯᠠᠷᠢᠨ ᠣᠳᠴᠤ ᠪᠤᠢ ᠣᠨ ᠤ ᠪᠠᠨ ᠠᠮᠵᠢᠯᠲᠠ ᠪᠦᠲᠦᠭᠡᠯ᠂ ᠠᠯᠳᠠᠭ᠎ᠠ ᠣᠨᠣᠭ᠎ᠠ ᠶᠢ ᠳ᠋ᠦᠩᠨᠡᠨ ᠴᠡᠩᠨᠡᠵᠦ ᠠᠶᠢᠯᠴᠢᠯᠠᠨ ᠢᠷᠡᠵᠦ ᠪᠤᠢ ᠰᠢᠨ᠎ᠡ ᠣᠨ ᠳᠤ ᠪᠠᠨ ᠬᠢᠵᠦ ᠪᠦᠲᠦᠭᠡᠬᠦ ᠠᠵᠢᠯ ᠢᠶᠠᠨ ᠲᠥᠯᠥᠪᠯᠡᠨ ᠶᠠᠷᠢᠯᠴᠠᠳᠠᠭ ᠰᠠᠶᠢᠬᠠᠨ ᠤᠯᠠᠮᠵᠢᠯᠠᠯ ᠲᠠᠢ᠃
ᠡᠨᠡ ᠵᠢᠯ ᠮᠠᠨ ᠤ ᠤᠯᠤᠰ ᠲᠤ ᠲᠤᠯᠭᠤᠷ ᠲᠥᠷᠥ ᠪᠠᠢᠭᠤᠯᠤᠭᠳᠠᠭᠰᠠᠨ ᠤ 2230᠂ ᠶᠡᠬᠡ ᠮᠣᠩᠭᠣᠯ ᠤᠯᠤᠰ ᠪᠠᠢᠭᠤᠯᠤᠭᠳᠠᠭᠰᠠᠨ ᠤ ᠲᠡᠦᠬᠡᠲᠦ 815᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 110᠂ ᠠᠷᠠᠳ ᠤᠨ ᠬᠤᠪᠢᠰᠬᠠᠯ ᠤᠨ 100᠂ ᠮᠣᠩᠭᠣᠯ ᠤᠯᠤᠰ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠳᠦ ᠪᠦᠷᠢᠨ ᠡᠷᠬᠡᠲᠦ ᠭᠡᠰᠢᠭᠦᠨ ᠢᠶᠡᠷ ᠡᠯᠰᠡᠭᠰᠡᠨ ᠦ 60᠂ ᠮᠣᠩᠭᠣᠯ ᠬᠦᠮᠦᠨ ᠰᠠᠨᠰᠠᠷ ᠲᠤ ᠨᠢᠰᠦᠭᠰᠡᠨ ᠦ 40 ᠵᠢᠯ ᠵᠡᠷᠭᠡ ᠣᠯᠠᠨ ᠲᠡᠦᠬᠡᠨ ᠲᠡᠭᠰᠢ ᠰᠠᠶᠢᠬᠠᠨ ᠤᠢ ᠨᠤᠭᠤᠳ ᠲᠣᠬᠢᠶᠠᠵᠤ ᠪᠤᠢ ᠪᠢᠯᠡ᠃
ᠤᠯᠠᠷᠢᠨ ᠣᠳᠴᠤ ᠪᠤᠢ 2021 ᠣᠨ ᠳᠤ ᠲᠥᠷᠥ ᠶᠢᠨ ᠲᠤᠯᠭᠠᠭᠤᠯ ᠤᠯᠤᠰ ᠤᠨ ᠦᠨᠳᠦᠰᠦ ᠪᠣᠯᠤᠭᠰᠠᠨ ᠠᠶᠢᠯ ᠡᠷᠦᠬᠡ ᠨᠦᠭᠦᠳ ᠮᠠᠨᠢ 66 ᠮᠢᠩᠭᠠᠨ ᠬᠡᠦᠬᠡᠳ ᠢᠶᠡᠷ ᠠᠮᠠ ᠪᠦᠯᠢ ᠪᠡᠨ ᠨᠡᠮᠡᠵᠦ ᠮᠣᠩᠭᠣᠯᠴᠤᠳ ᠪᠢᠳᠡ 3 ᠰᠠᠶ᠎ᠠ 400 ᠮᠢᠩᠭ᠎ᠠ ᠪᠣᠯᠤᠯ᠎ᠠ᠃ ᠬᠦᠮᠦᠨ ᠨᠡᠮᠡᠭᠳᠡᠪᠡᠯ ᠬᠦᠨᠡᠰᠦ ᠨᠡᠮᠡᠭᠳᠡᠨ᠎ᠡ ᠭᠡᠵᠦ ᠮᠠᠨ ᠤ ᠠᠷᠠᠳ ᠲᠦᠮᠡᠨ ᠦ ᠬᠡᠯᠡᠳᠡᠭ ᠢᠶᠡᠷ ᠮᠠᠯᠴᠢᠳ ᠲᠠᠷᠢᠶᠠᠯᠠᠩᠴᠢᠳ ᠤᠨ ᠮᠠᠨᠢ ᠨᠥᠷᠢ ᠶᠡᠬᠡ ᠬᠥᠳᠡᠯᠮᠦᠷᠢ ᠶᠢᠨ ᠦᠷ᠎ᠡ ᠳ᠋ᠦᠩ ᠳᠦ ᠪᠤᠶᠠᠨᠲᠤ ᠮᠠᠯ ᠰᠦᠷᠦᠭ ᠦᠨ ᠲᠣᠭ᠎ᠠ ᠲᠣᠯᠣᠭᠠᠢ 68 ᠰᠠᠶ᠎ᠠ ᠪᠠᠷ ᠲᠣᠭᠠᠯᠠᠭᠳᠠᠵᠤ᠂ ᠰᠡᠭᠦᠯ ᠦᠨ 30 ᠵᠢᠯ ᠳᠦ ᠪᠠᠶᠢᠭ᠎ᠠ ᠦᠭᠡᠢ ᠬᠠᠮᠤᠭ ᠤᠨ ᠥᠨᠳᠥᠷ ᠤᠷᠭᠤᠴᠠ ᠶᠢ ᠪᠦᠷᠢᠨ ᠬᠤᠷᠢᠶᠠᠵᠤ ᠠᠪᠤᠭᠰᠠᠨ ᠰᠠᠶᠢᠬᠠᠨ ᠵᠢᠯ ᠪᠣᠯᠤᠯ᠎ᠠ᠃
ᠴᠠᠷ᠎ᠠ ᠲᠠᠬᠤᠯ ᠠᠴᠠ ᠡᠭᠦᠳᠦᠯ ᠲᠡᠢ ᠪᠡᠷ ᠮᠠᠨ ᠤ ᠤᠯᠤᠰ ᠤᠨ ᠡᠳ᠋  ᠦᠨ ᠵᠠᠰᠠᠭ 2020 ᠣᠨ ᠳᠤ 4.5 ᠬᠤᠪᠢ ᠪᠠᠷ ᠠᠭᠰᠢᠵᠤ ᠪᠠᠶᠢᠭᠰᠠᠨ ᠪᠣᠯ ᠲᠥᠷᠥ ᠵᠠᠰᠠᠭ᠂ ᠬᠤᠪᠢ ᠶᠢᠨ ᠬᠡᠪᠰᠢᠯ ᠦᠨ ᠬᠠᠮᠲᠤ ᠶᠢᠨ ᠠᠵᠢᠯᠯᠠᠭᠠᠨ ᠤ ᠦᠷ᠎ᠡ  ᠳ᠋ᠦᠩ ᠳᠦ ᠡᠨᠡ ᠣᠨ ᠤ ᠡᠬᠢᠨ ᠦ ᠶᠢᠰᠦᠨ ᠰᠠᠷ᠎ᠠ ᠶᠢᠨ ᠪᠠᠶᠢᠳᠠᠯ ᠢᠶᠠᠷ 3.6 ᠬᠤᠪᠢ ᠪᠠᠷ ᠥᠰᠴᠦ ᠲᠣᠳᠣᠷᠬᠠᠢ ᠰᠡᠷᠭᠦᠯᠲᠡ ᠦᠵᠡᠭᠦᠯᠦᠭᠰᠡᠨ ᠦ ᠵᠡᠷᠭᠡᠴᠡᠭᠡ 300 ᠮᠢᠩᠭᠠᠨ ᠠᠵᠢᠯ ᠤᠨ ᠪᠠᠶᠢᠷᠢ ᠶᠢ ᠬᠠᠳᠠᠭᠠᠯᠠᠵᠤ ᠴᠢᠳᠠᠯ᠎ᠠ᠃ ᠡᠨᠡ ᠬᠦ ᠡᠳ᠋ ᠦᠨ ᠵᠠᠰᠠᠭ ᠤᠨ ᠦᠰᠦᠯᠲᠡ ᠳᠦ ᠮᠠᠨ ᠤ ᠪᠢᠽᠢᠨᠧᠰ ᠡᠷᠬᠢᠯᠡᠭᠴᠢ ᠪᠠᠶᠠᠯᠢᠭ ᠪᠦᠲᠦᠭᠡᠭᠴᠢᠳ ᠦᠨ ᠨᠥᠷᠢ ᠶᠡᠬᠡ ᠬᠥᠳᠡᠯᠮᠦᠷᠢ ᠬᠦᠴᠦᠨ ᠴᠢᠷᠮᠠᠶᠢᠯᠲᠠ ᠣᠨᠴᠠᠭᠠᠢ ᠡᠭᠦᠷᠭᠡ ᠭᠦᠢᠴᠡᠳᠭᠡᠭᠰᠡᠨ ᠢ ᠪᠠᠶᠠᠷ ᠤᠨ ᠡᠨᠡ ᠡᠳᠦᠷ ᠴᠣᠬᠣᠨ ᠲᠡᠮᠳᠡᠭᠯᠡᠬᠦ ᠳᠦ ᠲᠠᠭᠠᠲᠠᠢ ᠪᠠᠶᠢᠨ᠎ᠠ᠃ ᠮᠥᠨ ᠤᠯᠠᠷᠢᠨ ᠣᠳᠴᠤ ᠪᠤᠢ 2021 ᠣᠨ ᠳᠤ ᠮᠠᠨ ᠤ ᠲᠠᠮᠢᠷᠴᠢᠳ᠂ ᠰᠤᠷᠤᠭᠴᠢᠳ᠂ ᠶᠡᠬᠡ ᠰᠫᠣᠷᠲ᠂ ᠣᠶᠤᠨ ᠤᠬᠠᠭᠠᠨ ᠤ ᠣᠯᠠᠨ ᠤᠯᠤᠰ᠂ ᠲᠢᠪ ᠳᠡᠯᠡᠬᠡᠢ ᠶᠢᠨ ᠲᠡᠮᠡᠴᠡᠭᠡᠨ ᠨᠦᠭᠦᠳ ᠲᠦ ᠣᠷᠣᠯᠴᠠᠵᠤ ᠪᠠᠬᠠᠳᠤᠮ᠎ᠠ ᠰᠠᠶᠢᠬᠠᠨ ᠠᠮᠵᠢᠯᠲᠠ ᠭᠠᠷᠭᠠᠨ ᠠᠷᠠᠳ ᠲᠦᠮᠡᠨ ᠢᠶᠡᠨ ᠪᠠᠶᠠᠷᠯᠠᠭᠤᠯᠤᠯ᠎ᠠ᠃  ᠲᠤᠤᠺᠢᠤ᠋ ᠶᠢᠨ ᠵᠤᠨ ᠤ ᠭᠤᠴᠢᠨ ᠬᠤᠶᠠᠳᠠᠬᠢ ᠣᠯᠢᠮᠫ ᠂16  ᠳ᠋ᠠᠬᠢ ᠫᠠᠷᠠᠯᠢᠮᠫ ᠤᠨ ᠨᠠᠭᠠᠳᠤᠮ ᠠᠴᠠ ᠠᠯᠲᠠ᠂ ᠮᠥᠩᠭᠥ᠂ ᠬᠦᠷᠡᠯ ᠮᠧᠳᠠᠯ ᠤᠳ ᠬᠦᠷᠲᠡᠯ᠎ᠡ᠃
ᠮᠣᠩᠭᠣᠯ ᠤᠨ ᠢᠷᠡᠭᠡᠳᠦᠢ ᠪᠣᠯᠤᠭᠰᠠᠨ ᠦᠷ᠎ᠡ ᠬᠡᠦᠬᠡᠳ ᠦᠳ ᠮᠢᠨᠢ ᠣᠶᠤᠨ ᠤ ᠣᠯᠢᠮᠫ ᠭᠡᠭᠳᠡᠬᠦ ᠣᠯᠠᠨ ᠤᠯᠤᠰ ᠤᠨ ᠣᠯᠢᠮᠫᠢᠶᠠᠳ᠋ ᠠᠴᠠ  ᠲᠡᠤᠬᠡᠨ ᠳᠦ ᠪᠡᠨ ᠬᠠᠮᠤᠭ ᠤᠨ ᠣᠯᠠᠨ ᠮᠧᠳᠠᠯ  ᠬᠦᠷᠲᠡᠵᠦ᠂ ᠳᠡᠯᠡᠬᠡᠢ ᠶᠢᠨ 107 ᠣᠷᠣᠨ ᠠᠴᠠ 11  ᠳᠦᠭᠡᠷ ᠪᠠᠶᠢᠷᠢ ᠳᠤ ᠣᠷᠣᠯ᠎ᠠ᠃ ᠮᠥᠨ ᠮᠣᠩᠭᠣᠯ ᠤᠯᠤᠰ ᠤᠨ ᠲᠡᠤᠬᠡᠨ ᠳᠦ ᠠᠩᠬ᠎ᠠ ᠤᠳᠠᠭ᠎ᠠ ᠡᠮᠡᠭᠲᠡᠢ ᠬᠦᠮᠦᠨ ᠬᠦᠨᠳᠦ ᠶᠢᠨ ᠡᠷᠭᠦᠯᠲᠡ ᠶᠢᠨ ᠳᠡᠯᠡᠬᠡᠢ ᠶᠢᠨ ᠠᠪᠤᠷᠭᠤ ᠪᠣᠯᠵᠤ᠂ ᠮᠣᠩᠭᠣᠯ ᠡᠮᠡᠭᠲᠡᠢ ᠬᠦᠮᠦᠨ ᠦ ᠭᠠᠶᠢᠬᠠᠮᠰᠢᠭᠲᠤ ᠴᠢᠳᠠᠪᠤᠷᠢ ᠶᠢ ᠳᠡᠯᠡᠬᠡᠢ ᠳ᠋ᠠᠬᠢᠨ ᠳᠤ ᠬᠠᠷᠠᠭᠤᠯᠤᠭᠰᠠᠨ ᠪᠠᠬᠠᠳᠤᠮ᠎ᠠ ᠦᠢᠯᠡ ᠶᠠᠪᠤᠳᠠᠯ ᠪᠣᠯᠤᠭᠰᠠᠨ᠃
ᠥᠩᠭᠡᠷᠡᠨ ᠣᠳᠴᠤ ᠪᠤᠢ 2021 ᠣᠨ ᠳᠤ ᠰᠠᠶᠢᠨ ᠰᠠᠶᠢᠬᠠᠨ ᠵᠦᠢᠯ ᠣᠯᠠᠨ ᠲᠣᠬᠢᠶᠠᠯᠳᠤᠭᠰᠠᠨ ᠬᠡᠳᠦᠢ ᠴᠤ ᠬᠦᠮᠦᠨ ᠲᠥᠷᠥᠯᠬᠢᠲᠡᠨ ᠴᠠᠷ᠎ᠠ ᠲᠠᠬᠤᠯ ᠲᠠᠢ ᠳᠡᠯᠡᠬᠡᠢ ᠨᠡᠶᠢᠲᠡ ᠪᠡᠷ ᠢᠶᠡᠨ ᠲᠡᠮᠡᠴᠡᠵᠦ ᠠᠮᠠᠷ ᠦᠭᠡᠢ ᠣᠯᠠᠨ ᠰᠣᠷᠢᠯᠲᠠ ᠪᠡᠷᠬᠡᠰᠢᠶᠡᠯ ᠦᠳ ᠢ ᠳᠠᠪᠠᠨ ᠲᠤᠭᠤᠯᠵᠤ ᠪᠠᠶᠢᠨ᠎ᠠ᠃ ᠬᠦᠮᠦᠨ ᠬᠦᠮᠦᠨ ᠢᠶᠡᠨ ᠡᠷᠬᠢᠮᠯᠡᠨ ᠬᠦᠨᠳᠦᠳᠭᠡᠬᠦ᠂ ᠪᠠᠶᠢᠭᠠᠯᠢ ᠳᠡᠯᠡᠬᠡᠢ ᠪᠡᠨ ᠬᠠᠶᠢᠷᠠᠯᠠᠨ ᠬᠠᠮᠠᠭᠠᠯᠠᠬᠤ ᠶᠢᠨ ᠠᠴᠢ ᠬᠣᠯᠪᠣᠭᠳᠠᠯ ᠬᠠᠷᠢᠯᠴᠠᠨ ᠣᠶᠢᠯᠠᠭᠠᠯᠴᠠᠯ᠂ ᠡᠪ ᠨᠢᠭᠡᠳᠦᠯ᠂ ᠠᠮᠢᠳᠤᠷᠠᠯ ᠤᠨ ᠦᠨ᠎ᠡ ᠴᠡᠨ᠎ᠡ  ᠶᠠᠮᠠᠷ ᠴᠢᠬᠤᠯᠠ ᠪᠣᠯᠬᠤ ᠶᠢ ᠤᠯᠠᠮ ᠪᠦᠷ ᠤᠬᠠᠭᠠᠷᠠᠭᠰᠠᠨ ᠵᠢᠯ ᠪᠣᠯᠤᠯ᠎ᠠ᠃
ᠡᠨᠡ ᠬᠦ ᠠᠮᠠᠷ ᠦᠭᠡᠢ ᠴᠠᠭ ᠦᠶ᠎ᠡ ᠶᠢ ᠬᠣᠬᠢᠷᠠᠯ ᠪᠠᠭ᠎ᠠ ᠲᠠᠢ ᠳᠠᠪᠠᠨ ᠲᠤᠭᠤᠯᠬᠤ᠂ ᠬᠦᠮᠦᠨ ᠠᠷᠠᠳ ᠤᠨ ᠢᠶᠠᠨ ᠠᠮᠢ ᠨᠠᠰᠤ ᠡᠷᠡᠭᠦᠯ ᠮᠡᠨᠳᠦ ᠶᠢ ᠬᠠᠮᠠᠭᠠᠯᠠᠬᠤ ᠤᠯᠤᠰ ᠣᠷᠣᠨ ᠤ ᠪᠠᠨ ᠡᠳ᠋ ᠦᠨ ᠵᠠᠰᠠᠭ ᠢ ᠰᠡᠷᠭᠦᠭᠡᠬᠦ ᠶᠢᠨ ᠲᠤᠯᠠᠳᠠ ᠠᠷᠠᠳ ᠢᠷᠭᠡᠳ ᠲᠥᠷᠥ ᠵᠠᠰᠠᠭ ᠠᠵᠤ ᠠᠬᠤᠢ ᠨᠢᠭᠡᠴᠡ ᠨᠦᠭᠦᠳ ᠪᠦᠬᠦᠢ ᠯᠠ ᠪᠣᠯᠤᠮᠵᠢ ᠨᠥᠬᠥᠴᠡᠯ ᠢᠶᠡᠨ ᠳᠠᠶᠢᠴᠢᠯᠠᠨ ᠠᠵᠢᠯᠯᠠᠯ᠎ᠠ᠃ ᠴᠢᠨᠠᠭᠰᠢᠳᠠ ᠤᠯᠤᠰ ᠣᠷᠣᠨ ᠤ ᠪᠠᠨ ᠡᠳ᠋  ᠦᠨ ᠵᠠᠰᠠᠭ ᠢ ᠬᠠᠮᠠᠭᠠᠯᠠᠬᠤ ᠲᠣᠮᠣᠬᠠᠨ ᠥᠭᠡᠷᠡᠴᠢᠯᠡᠯᠲᠡ ᠨᠦᠭᠦᠳ ᠢ ᠠᠪᠴᠤ ᠬᠡᠷᠡᠭᠵᠢᠭᠦᠯᠬᠦ ᠬᠡᠷᠡᠭᠲᠡᠢ ᠪᠠᠶᠢᠨ᠎ᠠ᠃ ᠡᠨᠡ ᠬᠦᠷᠢᠶᠡᠨ ᠳᠦ ᠬᠠᠯᠠᠮᠵᠢ ᠠᠴᠠ ᠬᠥᠳᠡᠯᠮᠦᠷᠢ ᠳᠦ᠂ ᠣᠯᠪᠤᠷᠢᠯᠠᠯᠲᠠ ᠠᠴᠠ ᠪᠣᠯᠪᠠᠰᠤᠷᠠᠭᠤᠯᠤᠯᠲᠠ ᠳᠤ᠂ ᠢᠮᠫᠣᠷᠲ ᠠᠴᠠ ᠡᠺᠰᠫᠣᠷᠲ  ᠲᠤ ᠰᠢᠯᠵᠢᠬᠦ ᠰᠠᠭᠤᠷᠢ ᠷᠧᠹᠤᠷᠮ ᠤᠳ ᠢ ᠨᠡᠩ ᠳᠠᠷᠤᠢ᠂ ᠴᠠᠭ ᠠᠯᠳᠠᠯ ᠦᠭᠡᠢ ᠬᠡᠷᠡᠭᠵᠢᠭᠦᠯᠬᠦ ᠱᠠᠭᠠᠷᠳᠠᠯᠭ᠎ᠠ ᠲᠠᠢ ᠪᠠᠶᠢᠨ᠎ᠠ᠃
ᠡᠳᠡᠭᠡᠷ ᠵᠣᠷᠢᠯᠲᠠ ᠶᠢ ᠬᠡᠷᠡᠭᠵᠢᠭᠦᠯᠦᠭᠰᠡᠨ ᠢᠶᠡᠷ ᠮᠣᠩᠭᠣᠯ ᠤᠯᠤᠰ ᠣᠶᠢᠷ᠎ᠠ ᠶᠢᠨ ᠭᠤᠴᠢᠨ ᠵᠢᠯ ᠳᠦ ᠨᠡᠶᠢᠭᠡᠮ ᠡᠳ᠋  ᠦᠨ ᠵᠠᠰᠠᠭ ᠤᠨ ᠬᠥᠭᠵᠢᠯ ᠢᠷᠭᠡᠳ ᠦᠨ ᠠᠮᠢᠳᠤᠷᠠᠯ ᠤᠨ ᠴᠢᠨᠠᠷ᠂ ᠬᠦᠮᠦᠨ ᠦ ᠬᠥᠭᠵᠢᠯ ᠢᠶᠡᠷ ᠢᠶᠡᠨ ᠠᠽᠢᠶ᠎ᠠ ᠲᠢᠪ ᠲᠦ ᠪᠡᠨ ᠲᠡᠷᠢᠭᠦᠯᠡᠬᠦ ᠣᠷᠣᠨ ᠤ ᠨᠢᠭᠡ ᠪᠣᠯᠬᠤ ᠪᠦᠷᠢᠨ ᠪᠣᠯᠤᠮᠵᠢ ᠲᠠᠢ᠃ ᠮᠣᠩᠭᠣᠯ ᠬᠦᠮᠦᠨ ᠡᠬᠡ ᠣᠷᠣᠨ ᠭᠠᠵᠠᠷ ᠨᠤᠲᠤᠭ ᠲᠤ ᠪᠠᠨ ᠡᠵᠡᠨ ᠪᠠᠶᠢᠵᠤ᠂ ᠪᠠᠢᠭᠠᠯᠢ ᠶᠢᠨ ᠪᠠᠶᠠᠯᠢᠭ ᠤᠨ ᠢᠶᠠᠨ ᠦᠷ᠎ᠡ ᠰᠢᠮ᠎ᠡ ᠶᠢ ᠠᠳᠠᠯᠢ ᠲᠡᠭᠰᠢ ᠬᠦᠷᠲᠡᠬᠦ ᠤᠴᠢᠷ ᠲᠠᠢ᠃ ᠮᠣᠩᠭᠣᠯ ᠬᠦᠮᠦᠨ ᠬᠡᠵᠢᠶ᠎ᠡ ᠴᠤ ᠪᠠᠢᠭᠠᠯᠢ ᠶᠢᠨ ᠪᠠᠶᠠᠯᠢᠭ ᠢᠶᠠᠨ ᠪᠤᠰᠤᠳ ᠲᠤ ᠠᠯᠳᠠᠬᠤ ᠶᠣᠰᠣ ᠦᠭᠡᠢ᠃ ︽ ᠤᠭ᠍ᠶᠤᠲᠤᠯᠤᠭᠠᠢ︾ ᠲᠥᠰᠥᠯ ᠡᠴᠡ ᠮᠠᠨ ᠤ ᠠᠷᠠᠳ ᠲᠦᠮᠡᠨ ᠦ ᠬᠦᠷᠲᠡᠬᠦ ᠦᠷ᠎ᠡ ᠦᠭᠭᠦᠭᠡᠵᠢ᠂ ᠠᠰᠢᠭ ᠰᠢᠮ᠎ᠡ ᠨᠡᠮᠡᠭᠳᠡᠬᠦ ᠲᠠᠭᠠᠲᠠᠢ ᠪᠠᠶᠢᠳᠠᠯ ᠪᠦᠷᠢᠳᠦᠯ᠎ᠡ᠃ ᠡᠨᠡ ᠪᠣᠯ ᠮᠣᠩᠭᠣᠯ ᠤᠨ ᠠᠷᠠᠳ ᠲᠦᠮᠡᠨ ᠦ ᠨᠢᠭᠡᠳᠦᠮᠡᠯ ᠪᠠᠶᠢᠳᠠᠯ᠂ ᠲᠤᠤᠱᠲᠠᠢ ᠪᠣᠳᠣᠯᠭ᠎ᠠ ᠶᠢᠨ ᠦᠷ᠎ᠡ ᠳ᠋ᠦᠩ ᠶᠤᠮ᠃
2022 ᠣᠨ ᠪᠣᠯ ᠮᠣᠩᠭᠣᠯᠴᠤᠳ ᠪᠢᠳᠡᠨ ᠦ ᠬᠤᠪᠢ ᠳᠤ ᠰᠢᠨ᠎ᠡ ᠰᠡᠷᠭᠦᠯᠲᠡ ᠶᠢᠨ ᠵᠢᠯ ᠪᠠᠶᠢᠬᠤ ᠪᠣᠯᠤᠨ᠎ᠠ᠃ ᠢᠷᠡᠬᠦ ᠣᠨ ᠳᠤ ᠡᠵᠡᠨ ᠪᠣᠭᠳᠠ ᠴᠢᠩᠭᠢᠰ ᠬᠠᠭᠠᠨ ᠮᠡᠨᠳᠦᠯᠡᠭᠰᠡᠨ ᠦ 860 ᠵᠢᠯ ᠦᠨ ᠣᠢ ᠲᠣᠬᠢᠶᠠᠵᠤ ᠪᠠᠶᠢᠨ᠎ᠠ᠃ ᠣᠨ ᠰᠣᠯᠢᠭᠳᠠᠬᠤ ᠡᠨᠡ ᠬᠦ ᠲᠣᠷᠭᠠᠨ ᠮᠥᠴᠡ ᠳᠦ ᠳᠠᠷᠬᠠᠨ ᠬᠢᠯᠢ ᠪᠡᠨ ᠮᠠᠨᠠᠵᠤ ᠪᠠᠶᠢᠭ᠎ᠠ ᠡᠷ᠎ᠡ ᠵᠤᠷᠢᠭᠲᠤ ᠬᠢᠯᠢᠴᠢᠳ᠂ ᠡᠩᠬᠡ ᠶᠢ ᠰᠠᠬᠢᠭᠤᠯᠬᠤ ᠦᠢᠯᠡᠰ ᠲᠦ ᠤᠯᠤᠰ ᠢᠶᠠᠨ ᠲᠥᠯᠥᠭᠡᠯᠡᠨ ᠵᠢᠳᠬᠦᠵᠦ ᠪᠤᠢ ᠡᠷᠡᠯᠬᠡᠭ ᠳᠠᠶᠢᠴᠢᠳ᠂ ᠬᠦᠮᠦᠨ ᠠᠷᠠᠳ ᠤᠨ ᠢᠶᠠᠨ ᠡᠷᠡᠭᠦᠯ ᠮᠡᠨᠳᠦ ᠶᠢᠨ ᠮᠠᠨᠠᠭᠠᠨ ᠳᠤ ᠵᠣᠭᠰᠣᠵᠤ ᠪᠤᠢ ᠡᠮᠴᠢ ᠰᠤᠪᠢᠯᠠᠭᠴᠢ᠂ ᠡᠮᠨᠡᠯᠭᠡ ᠶᠢᠨ  ᠠᠵᠢᠯᠲᠠᠳ᠂ ᠤᠯᠤᠰ ᠣᠷᠣᠨ ᠠᠷᠠᠳ ᠲᠦᠮᠡᠨ ᠦ ᠪᠡᠨ ᠠᠶᠤᠯᠭᠦᠢ ᠪᠠᠶᠢᠳᠠᠯ ᠢ ᠬᠠᠩᠭᠠᠨ ᠠᠵᠢᠯᠯᠠᠵᠤ ᠪᠠᠶᠢᠭ᠎ᠠ ᠴᠡᠷᠢᠭ ᠴᠠᠭᠳᠠᠭ᠎ᠠ ᠣᠨᠴᠠᠭᠠᠢ ᠪᠠᠶᠢᠳᠠᠯ ᠤᠨ ᠬᠢᠨ ᠳᠤ ᠪᠠᠨ ᠤᠯᠤᠰ ᠤᠨ ᠶᠡᠷᠦᠩᠬᠡᠶᠢᠯᠡᠭᠴᠢ ᠲᠤᠰᠬᠠᠶᠢᠯᠠᠨ ᠪᠠᠶᠠᠷ ᠬᠦᠷᠭᠡᠵᠦ ᠭᠦᠨ ᠲᠠᠯᠠᠷᠬᠠᠯ ᠢᠯᠡᠷᠬᠡᠶᠢᠯᠡᠶ᠎ᠡ᠃ ᠠᠷᠠᠳ ᠲᠦᠮᠡᠨ ᠳᠦ ᠪᠡᠨ ᠰᠢᠨ᠎ᠡ ᠵᠢᠯ ᠦᠨ ᠪᠠᠶᠠᠷ ᠤᠨ ᠮᠡᠨᠳᠦ ᠶᠢ ᠬᠦᠷᠭᠡᠶ᠎ᠡ ᠭᠡᠪᠡ᠃

ᠰᠡᠳᠬᠢᠭᠳᠡᠯ ᠦᠯᠡᠳᠡᠭᠡᠬᠦ