ᠬᠠᠰᠢᠶᠠᠨ ᠳᠤ ᠪᠠᠨ ᠮᠣᠳᠣ᠂ ᠪᠤᠲᠠ ᠲᠠᠷᠢᠭᠰᠠᠨ ᠡᠷᠦᠬᠡ ᠶᠢ ᠰᠢᠯᠭᠠᠷᠠᠭᠤᠯᠵᠠᠢ | News.MN

ᠬᠠᠰᠢᠶᠠᠨ ᠳᠤ ᠪᠠᠨ ᠮᠣᠳᠣ᠂ ᠪᠤᠲᠠ ᠲᠠᠷᠢᠭᠰᠠᠨ ᠡᠷᠦᠬᠡ ᠶᠢ ᠰᠢᠯᠭᠠᠷᠠᠭᠤᠯᠵᠠᠢ

ᠣᠷᠬᠣᠨ ᠠᠶᠢᠮᠠᠭ ᠤᠨ ᠵᠠᠰᠠᠭ ᠳᠠᠷᠤᠭ᠎ᠠ ᠶᠢᠨ ᠰᠠᠨᠠᠭᠠᠴᠢᠯᠠᠭ᠎ᠠ ᠪᠠᠷ 《ᠬᠣᠲᠠ ᠶᠢᠨ ᠰᠤᠶᠤᠯ- ᠬᠠᠮᠲᠤ ᠶᠢᠨ ᠰᠤᠶᠤᠯ》 ᠤᠷᠢᠶ᠎ᠠ ᠲᠠᠢ 《ᠰᠤᠶᠤᠯ ᠢ ᠲᠦᠭᠡᠭᠡᠶ᠎ᠡ》ᠠᠶᠠᠨ ᠬᠡᠷᠡᠭᠵᠢᠭᠰᠡᠨ᠃ ᠠᠶᠠᠨ ᠤ ᠬᠦᠷᠢᠶᠡᠨ ᠳᠦ《ᠰᠣᠶᠣᠯᠴᠢ ᠡᠷᠦᠬᠡ》 ᠰᠢᠯᠭᠠᠷᠠᠭᠤᠯᠬᠤ ᠪᠣᠯᠵᠣᠯᠲᠤ ᠤᠷᠤᠯᠳᠤᠭᠠᠨ ᠵᠠᠷᠯᠠᠭᠰᠠᠨ ᠪᠠᠶᠢᠨ᠎ᠠ᠃ ᠪᠣᠯᠵᠣᠯᠲᠤ ᠤᠷᠤᠯᠳᠤᠭᠠᠨ ᠳᠤ ᠮᠠᠩᠯᠠᠶᠢᠯᠠᠭᠰᠠᠨ 25 ᠡᠷᠦᠬᠡ ᠶᠢᠨ ᠱᠠᠩᠨᠠᠯ ᠢ ᠥᠨᠥᠳᠥᠷ ᠭᠠᠷᠳᠠᠭᠤᠯᠤᠨ ᠥᠭᠭᠦᠯ᠎ᠡ᠃ ᠬᠣᠲᠠ ᠶᠢᠨ ᠰᠤᠶᠤᠯ ᠳᠤ ᠲᠣᠳᠣᠷᠬᠠᠢ ᠬᠤᠪᠢ ᠨᠡᠮᠡᠷᠢ ᠪᠡᠨ ᠣᠷᠣᠭᠤᠯᠤᠨ ᠪᠤᠰᠤᠳ ᠲᠤ ᠦᠯᠢᠭᠡᠷ ᠵᠢᠱᠢᠶ᠎ᠡ ᠪᠣᠯᠤᠭᠰᠠᠨ ᠴᠡᠪᠡᠷᠴᠢ ᠨᠢᠮᠪᠠᠢ᠂ ᠬᠠᠰᠢᠶ᠎ᠠ ᠬᠣᠷᠣᠭᠠᠨ ᠳᠤ ᠪᠠᠨ ᠮᠣᠳᠣ ᠪᠤᠲᠠ᠂ ᠬᠦᠨᠡᠰᠦᠨ ᠦ ᠨᠣᠭᠣᠭ᠎ᠠ ᠲᠠᠷᠢᠶᠠᠯᠠᠭᠰᠠᠨ ᠰᠣᠶᠣᠯᠴᠢ ᠡᠷᠦᠬᠡ ᠨᠦᠭᠦᠳ ᠢ ᠡᠶᠢᠨᠬᠦᠦ ᠤᠷᠮᠠᠰᠢᠭᠤᠯᠤᠯ᠎ᠠ᠃
《ᠰᠤᠶᠤᠯ ᠢ ᠲᠦᠭᠡᠭᠡᠶ᠎ᠡ》 ᠠᠶᠠᠨ ᠨᠢ ᠢᠷᠭᠡᠳ᠂ ᠬᠡᠦᠬᠡᠳ ᠵᠠᠯᠠᠭᠤᠰ᠂ ᠲᠥᠷᠥ ᠶᠢᠨ ᠠᠯᠪᠠᠨ ᠬᠠᠭᠠᠭᠴᠢᠳ ᠢ ᠨᠡᠶᠢᠭᠡᠮ ᠤᠨ ᠶᠣᠰᠣ ᠵᠦᠢ ᠶᠢ ᠳᠡᠭᠡᠳᠦᠯᠡᠭᠰᠡᠨ᠂ ᠡᠶᠡᠷᠭᠦ ᠬᠠᠷᠢᠯᠴᠠᠭ᠎ᠠ ᠬᠠᠨᠳᠤᠯᠭ᠎ᠠ ᠪᠦᠬᠦᠢ ᠰᠤᠶᠤᠯ ᠳᠤ ᠰᠤᠷᠤᠯᠴᠠᠭᠤᠯᠬᠤ᠂ ᠢᠷᠭᠡᠳ ᠦᠨ ᠨᠡᠶᠢᠲᠡ ᠶᠢᠨ ᠰᠤᠶᠤᠯ ᠢ ᠳᠡᠭᠡᠭᠰᠢᠯᠡᠭᠦᠯᠵᠦ ᠰᠣᠶᠣᠨ ᠭᠡᠭᠡᠷᠡᠭᠦᠯᠬᠦ ᠵᠣᠷᠢᠯᠭ᠎ᠠ ᠪᠠᠷ ᠨᠢᠭᠡ ᠰᠠᠷ᠎ᠠ ᠶᠢᠨ ᠬᠤᠭᠤᠴᠠᠭᠠᠨ ᠳᠤ ᠠᠮᠵᠢᠯᠲᠠᠲᠠᠢ ᠬᠡᠷᠡᠭᠵᠢᠭᠰᠡᠨ᠃ ᠠᠶᠠᠨ ᠤ ᠬᠦᠷᠢᠶᠡᠨ ᠳᠦ 48 ᠠᠵᠢᠯ᠂ ᠠᠷᠭ᠎ᠠ ᠬᠡᠮᠵᠢᠶ᠎ᠡ ᠲᠥᠯᠥᠪᠯᠡᠨ ᠬᠡᠷᠡᠭᠵᠢᠭᠦᠯᠵᠡᠢ᠃

ᠰᠡᠳᠬᠢᠭᠳᠡᠯ ᠦᠯᠡᠳᠡᠭᠡᠬᠦ