ᠶᠠ᠊ ∙ ᠵᠣᠷᠢᠭᠲᠤᠪᠠᠭᠠᠲᠤᠷ᠂ ᠠ᠊∙ᠵᠤᠯᠠ ᠺᠠᠨᠠᠳᠠ ᠳᠤ ᠥᠷᠢᠰᠦᠯᠳᠦᠨ᠎ᠡ | News.MN

ᠶᠠ᠊ ∙ ᠵᠣᠷᠢᠭᠲᠤᠪᠠᠭᠠᠲᠤᠷ᠂ ᠠ᠊∙ᠵᠤᠯᠠ ᠺᠠᠨᠠᠳᠠ ᠳᠤ ᠥᠷᠢᠰᠦᠯᠳᠦᠨ᠎ᠡ

ᠠᠮᠧᠷᠢᠺᠠ ᠶᠢᠨ ᠢᠦᠲ᠋ᠠ ᠮᠤᠵᠢ ᠳᠤ ᠣᠯᠠᠨ ᠤᠯᠤᠰ ᠤᠨ ᠲᠡᠰᠢᠭᠦᠷ ᠦᠨ ᠬᠣᠯᠪᠣᠭᠠᠨ ᠤ ᠳᠡᠯᠡᠬᠡᠢ ᠶᠢᠨ ᠴᠣᠮᠣ ᠶᠢᠨ ᠲᠡᠮᠡᠴᠡᠭᠡᠨ ᠦ ᠡᠨᠡ ᠤᠯᠠᠷᠢᠯ ᠤᠨ ᠭᠤᠷᠪᠠᠳᠠᠬᠢ ᠭᠠᠷᠤᠭ᠎ᠠ  ᠪᠣᠯᠤᠯ᠎ᠠ᠃《ᠪᠡᠭᠡᠵᠢᠩ -2022》 ᠡᠪᠦᠯ ᠦᠨ ᠣᠯᠢᠮᠫ ᠤᠨ ᠡᠷᠬᠡ ᠶᠢᠨ ᠣᠨᠣᠭ᠎ᠠ ᠣᠯᠭᠣᠬᠤ ᠡᠨᠡ ᠬᠦ ᠲᠡᠮᠡᠴᠡᠭᠡᠨ ᠳᠦ 36 ᠣᠷᠣᠨ ᠤ ᠡᠷᠡᠭᠲᠡᠢ 187᠂ ᠡᠮᠡᠭᠲᠡᠢ 127 ᠲᠡᠰᠢᠭᠦᠷᠴᠢᠨ ᠬᠤᠷᠳᠤ ᠪᠠᠨ ᠰᠣᠷᠢᠭᠰᠠᠨ ᠤ ᠳᠣᠲᠣᠷ᠎ᠠ ᠮᠠᠨ ᠤ ᠤᠯᠤᠰ ᠤᠨ ᠬᠣᠶᠠᠷ ᠲᠠᠮᠢᠷᠴᠢᠨ ᠥᠷᠢᠰᠦᠯᠳᠦᠭᠰᠡᠨ ᠶᠤᠮ᠃
ᠡᠷᠡᠭᠲᠡᠢ ᠶᠢᠨ ᠪᠦᠭᠡᠮ ᠭᠠᠷᠤᠭᠠᠨ ᠳᠤ ᠢᠯᠠᠯᠲᠠ ᠶᠢᠨ ᠵᠣᠷᠢᠭᠲᠤᠪᠠᠭᠠᠲᠤᠷ 17 ᠣᠨᠣᠭ᠎ᠠ ᠪᠠᠷ 24  ᠳ᠋ᠤᠭᠡᠷ ᠲᠤ ᠪᠢᠴᠢᠭᠳᠡᠯ᠎ᠡ᠃ ᠳᠡᠯᠡᠬᠡᠢ ᠶᠢᠨ ᠴᠣᠮᠣ ᠶᠢᠨ ᠭᠤᠷᠪᠠᠨ ᠭᠠᠷᠤᠭᠠᠨ ᠤ ᠳᠠᠷᠠᠭᠠᠬᠢ ᠣᠨᠣᠭ᠎ᠠ ᠪᠠᠷ ᠲᠡᠷᠡᠪᠡᠷ 53 ᠲᠠᠮᠢᠷᠴᠢᠨ ᠠᠴᠠ 44  ᠳ᠋ᠤᠭᠡᠷ ᠲᠦ ᠪᠢᠴᠢᠭᠳᠡᠵᠦ ᠪᠠᠶᠢᠨ᠎ᠠ᠃
ᠡᠮᠡᠭᠲᠡᠢ ᠶᠢᠨ  ᠪᠦᠭᠡᠮ  ᠭᠠᠷᠤᠭᠠᠨ ᠳᠤ ᠠᠯᠲᠠᠨᠸᠴᠢᠷ ᠤᠨ ᠵᠤᠯᠠ  ᠬᠠᠭᠠᠰ ᠰᠢᠭᠰᠢᠭᠡ ᠬᠡᠰᠡᠭ ᠲᠦ ᠪᠡᠨ 19 ᠳ᠋ᠤᠭᠡᠷ ᠪᠠᠶᠢᠷᠢ ᠳᠤ ᠪᠢᠴᠢᠭᠳᠡᠵᠦ᠂ 22 ᠣᠨᠣᠭ᠎ᠠ ᠠᠪᠤᠯ᠎ᠠ᠃ ᠳᠡᠯᠡᠬᠡᠢ ᠶᠢᠨ ᠴᠣᠮᠣ ᠶᠢᠨ ᠨᠡᠶᠢᠯᠡᠪᠦᠷᠢ ᠳ᠋ᠦᠩ ᠢᠶᠡᠷ 41 ᠲᠠᠮᠢᠷᠴᠢᠨ ᠠᠴᠠ 33 ᠳ᠋ᠤᠭᠠᠷ ᠲᠤ ᠡᠷᠡᠮᠪᠡᠯᠡᠭᠳᠡᠵᠦ ᠪᠠᠶᠢᠨ᠎ᠠ᠃ ᠲᠡᠳᠡ ᠳᠡᠯᠡᠬᠡᠢ ᠶᠢᠨ ᠴᠣᠮᠣ ᠶᠢᠨ ᠭᠤᠷᠪᠠᠨ ᠭᠠᠷᠤᠭᠠᠨ ᠠᠴᠠ ᠬᠣᠶᠠᠷ ᠲᠤ ᠨᠢ ᠣᠷᠣᠯᠴᠠᠭᠰᠠᠨ ᠪᠥᠭᠡᠳ ᠣᠳᠣ  ᠺᠠᠨᠠᠳᠠ ᠳᠤ ᠪᠣᠯᠬᠤ ᠳᠡᠯᠡᠬᠡᠢ ᠶᠢᠨ ᠴᠣᠮᠣ ᠶᠢᠨ  ᠳᠦᠷᠪᠡᠳᠡᠬᠢ ᠭᠠᠷᠤᠭᠠᠨ ᠳᠤ ᠣᠷᠣᠯᠴᠠᠬᠤ ᠪᠠᠷ《ᠠᠭᠴᠢ ᠮᠣᠳᠣᠨ ᠤ ᠣᠷᠣᠨ 》 ᠢ ᠵᠣᠷᠢᠪᠠ᠃

ᠰᠡᠳᠬᠢᠭᠳᠡᠯ ᠦᠯᠡᠳᠡᠭᠡᠬᠦ