ᠴᠢᠯᠠᠭᠤᠨ ᠲᠡᠭᠡᠷᠮ᠎ᠡ ᠠᠰᠢᠭᠯᠠᠨ ᠪᠣᠷᠣ ᠭᠤᠯᠢᠷ ᠦᠢᠯᠡᠳᠪᠦᠷᠢᠯᠡᠵᠦ ᠪᠠᠶᠢᠨ᠎ᠠ | News.MN

ᠴᠢᠯᠠᠭᠤᠨ ᠲᠡᠭᠡᠷᠮ᠎ᠡ ᠠᠰᠢᠭᠯᠠᠨ ᠪᠣᠷᠣ ᠭᠤᠯᠢᠷ ᠦᠢᠯᠡᠳᠪᠦᠷᠢᠯᠡᠵᠦ ᠪᠠᠶᠢᠨ᠎ᠠ

ᠬᠣᠪᠳᠣ ᠠᠶᠢᠮᠠᠭ ᠤᠨ ᠵᠡᠷᠭᠡ ᠰᠤᠮᠤ ᠶᠢᠨ ᠢᠷᠭᠡᠨ ᠰ ∙ᠠᠷᠲ᠋ᠤᠷ᠂ ᠰ ∙ ᠠᠯᠲᠠᠨᠴᠡᠴᠡᠭ ᠴᠢᠯᠠᠭᠤᠨ ᠲᠡᠭᠡᠷᠮ᠎ᠡ ᠠᠰᠢᠭᠯᠠᠨ ᠪᠣᠷᠣ ᠭᠤᠯᠢᠷ ᠦᠢᠯᠡᠳᠪᠦᠷᠢᠯᠡᠵᠦ ᠪᠠᠶᠢᠨ᠎ᠠ᠃ ᠮᠣᠩᠭᠣᠯᠴᠤᠳ ᠡᠷᠲᠡ ᠦᠶ᠎ᠡ ᠡᠴᠡ ᠲᠠᠷᠢᠶ᠎ᠠ ᠲᠠᠷᠢᠵᠤ᠂ ᠪᠣᠷᠣ ᠭᠤᠯᠢᠷ ᠦᠢᠯᠡᠳᠪᠦᠷᠢᠯᠡᠨ ᠬᠦᠨᠡᠰᠦᠨ ᠳᠦ ᠪᠡᠨ ᠥᠷᠭᠡᠨ ᠢᠶᠡᠷ ᠬᠡᠷᠡᠭᠯᠡᠵᠦ ᠢᠷᠡᠭᠰᠡᠨ ᠤᠯᠠᠮᠵᠢᠯᠠᠯ ᠲᠠᠢ᠃ ᠡᠨᠡ ᠬᠦ ᠤᠯᠠᠮᠵᠢᠯᠠᠯ ᠢ ᠰ∙ᠠᠷᠲ᠋ᠤᠷ ᠤᠨ ᠭᠡᠷ ᠪᠦᠯᠢ ᠶᠢᠨ ᠬᠢᠨ ᠬᠠᠳᠠᠭᠠᠯᠠᠵᠤ ᠪᠤᠢ᠃  ᠲᠡᠳᠡ ᠥᠪᠡᠷᠰᠡᠳ ᠦᠨ ᠲᠠᠷᠢᠵᠤ ᠤᠷᠭᠤᠭᠤᠯᠤᠭᠰᠠᠨ ᠬᠥᠬᠡ ᠲᠠᠷᠢᠶ᠎ᠠ ᠪᠠᠷ ᠪᠣᠷᠣ ᠭᠤᠯᠢᠷ ᠦᠢᠯᠡᠳᠪᠦᠷᠢᠯᠡᠬᠦ ᠠᠵᠢᠯ ᠢ ᠰᠡᠭᠦᠯ ᠦᠨ ᠭᠤᠷᠪᠠᠨ ᠵᠢᠯ ᠦᠨ ᠲᠤᠷᠰᠢ ᠬᠢᠵᠦ ᠪᠠᠶᠢᠨ᠎ᠠ᠃
ᠡᠨᠡ ᠵᠢᠯ ᠤᠷᠭᠤᠴᠠ ᠰᠠᠶᠢᠨ ᠪᠠᠶᠢᠭᠰᠠᠨ ᠲᠤᠯᠠ 3.5 ᠲᠣᠨ ᠲᠠᠷᠢᠶ᠎ᠠ ᠬᠤᠷᠢᠶᠠᠨ ᠠᠪᠴᠠᠢ᠃ ᠲᠡᠳᠡ ᠡᠳᠦᠷ ᠲᠦ 20-25 ᠺᠢᠯᠦᠭᠷᠡᠮ  ᠲᠠᠷᠢᠶ᠎ᠠ ᠶᠢ ᠬᠠᠭᠤᠷᠴᠤ ᠪᠤᠯᠭᠤᠨ᠂ 23 ᠺᠢᠯᠦᠭᠷᠡᠮ ᠭᠤᠯᠢᠷ ᠦᠢᠯᠡᠳᠪᠦᠷᠢᠯᠡᠵᠦ᠂ ᠵᠠᠬ᠎ᠠ ᠵᠡᠭᠡᠯᠢ ᠳᠦ ᠨᠡᠶᠢᠯᠡᠭᠦᠯᠳᠡᠭ᠃ ᠣᠳᠣ ᠪᠠᠷ ᠲᠠᠪᠤᠨ ᠬᠦᠮᠦᠨ ᠢ ᠠᠵᠢᠯ ᠤᠨ ᠪᠠᠶᠢᠷᠢ ᠪᠠᠷ ᠬᠠᠩᠭᠠᠵᠠᠢ᠃ ᠨᠢᠭᠡ ᠠᠵᠢᠯᠲᠠᠨ ᠡᠳᠦᠷ ᠲᠦ 10-15 ᠺᠢᠯᠦᠭᠷᠡᠮ ᠭᠤᠯᠢᠷ ᠲᠡᠭᠡᠷᠮᠡᠳᠡᠵᠦ᠂ ᠰᠠᠷ᠎ᠠ ᠳᠤ 600 ᠮᠢᠩᠭ᠎ᠠ ᠬᠦᠷᠲᠡᠯᠡᠬᠢ ᠲᠥᠭᠥᠷᠢᠭ ᠦᠨ ᠴᠠᠯᠢᠩ ᠠᠪᠴᠤ ᠪᠠᠶᠢᠨ᠎ᠠ᠃

ᠰᠡᠳᠬᠢᠭᠳᠡᠯ ᠦᠯᠡᠳᠡᠭᠡᠬᠦ