《ᠬᠦᠮᠦᠨ ᠠᠮᠠ᠂ ᠤᠳᠤᠮ ᠤᠨ ᠰᠠᠩ ᠤᠨ ᠠᠶᠤᠯᠭᠦᠢ ᠪᠠᠶᠢᠳᠠᠯ》ᠰᠡᠳᠦᠪᠲᠦ ᠬᠡᠯᠡᠯᠴᠡᠭᠦᠯᠭᠡ ᠪᠣᠯᠤᠯ᠎ᠠ | News.MN

《ᠬᠦᠮᠦᠨ ᠠᠮᠠ᠂ ᠤᠳᠤᠮ ᠤᠨ ᠰᠠᠩ ᠤᠨ ᠠᠶᠤᠯᠭᠦᠢ ᠪᠠᠶᠢᠳᠠᠯ》ᠰᠡᠳᠦᠪᠲᠦ ᠬᠡᠯᠡᠯᠴᠡᠭᠦᠯᠭᠡ ᠪᠣᠯᠤᠯ᠎ᠠ

ᠤᠯᠤᠰ ᠤᠨ ᠶᠡᠬᠡ ᠬᠤᠷᠠᠯ ᠤᠨ ᠨᠡᠶᠢᠭᠡᠮ ᠤᠨ ᠪᠣᠳᠣᠯᠭ᠎ᠠ ᠶᠢᠨ ᠪᠠᠶᠢᠩᠭᠤ ᠶᠢᠨ ᠬᠣᠷᠢᠶᠠᠨ ᠠᠴᠠ 《ᠮᠣᠩᠭᠣᠯ ᠬᠦᠮᠦᠨ ᠦ ᠤᠳᠤᠮ ᠤᠨ ᠰᠠᠩ ᠤᠨ ᠠᠶᠤᠯᠭᠦᠢ ᠪᠠᠶᠢᠳᠠᠯ ᠢ ᠬᠠᠮᠠᠭᠠᠯᠠᠬᠤ᠂ ᠬᠦᠮᠦᠨ ᠠᠮᠠ ᠶᠢᠨ ᠥᠰᠦᠯᠲᠡ ᠶᠢ ᠳᠡᠮᠵᠢᠬᠦ ᠠᠷᠭ᠎ᠠ ᠬᠡᠮᠵᠢᠶᠡᠨ ᠦ ᠲᠠᠯ᠎ᠠ ᠪᠠᠷ ᠠᠪᠬᠤ ᠠᠷᠭ᠎ᠠ ᠬᠡᠮᠵᠢᠶᠡᠨ ᠦ ᠲᠤᠬᠠᠢ》ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠲᠥᠰᠥᠯ ᠢ ᠴᠢᠭᠤᠯᠭᠠᠨ ᠪᠣᠯᠤᠨ ᠪᠠᠶᠢᠩᠭᠤ ᠶᠢᠨ ᠬᠣᠷᠢᠶᠠᠨ ᠤ ᠬᠤᠷᠠᠯᠳᠤᠭᠠᠨ ᠢᠶᠠᠷ ᠬᠡᠯᠡᠯᠴᠡᠭᠦᠯᠬᠦ ᠳᠦ ᠪᠡᠯᠡᠳᠭᠡᠵᠦ᠂ 《ᠬᠦᠮᠦᠨ ᠠᠮᠠ᠂ ᠤᠳᠤᠮ ᠤᠨ ᠰᠠᠩ ᠤᠨ ᠠᠶᠤᠯᠭᠦᠢ ᠪᠠᠶᠢᠳᠠᠯ》 ᠰᠡᠳᠦᠪᠲᠦ ᠬᠡᠯᠡᠯᠴᠡᠭᠦᠯᠭᠡ ᠶᠢ 12 ᠰᠠᠷ᠎ᠠ ᠶᠢᠨ 22 ᠳᠦ ᠵᠣᠬᠢᠶᠠᠨ ᠪᠠᠶᠢᠭᠤᠯᠤᠯ᠎ᠠ᠃
ᠬᠡᠯᠡᠯᠴᠡᠭᠦᠯᠭᠡ ᠶᠢ ᠨᠡᠭᠡᠭᠡᠵᠦ᠂ ᠲᠣᠭᠲᠠᠭᠠᠯ ᠤᠨ ᠲᠥᠰᠥᠯ ᠢ ᠬᠡᠯᠡᠯᠴᠡᠭᠦᠯᠭᠡ ᠳᠦ ᠪᠡᠯᠡᠳᠬᠡᠬᠦ ᠡᠭᠦᠷᠭᠡ ᠪᠦᠬᠦᠢ ᠠᠵᠢᠯ ᠤᠨ ᠬᠡᠰᠡᠭ ᠦᠨ ᠠᠬᠠᠯᠠᠭᠴᠢ ᠵ∙ᠴᠢᠩᠪᠦ᠋ᠷᠢᠨ ᠬᠡᠯᠡᠭᠰᠡᠨ ᠦᠭᠡᠨ ᠳᠦ ᠪᠡᠨ᠄︽ᠮᠣᠩᠭᠣᠯ ᠤᠯᠤᠰ ᠤᠨ ᠦᠨᠳᠦᠰᠦᠨ ᠦ ᠠᠶᠤᠯᠭᠦᠢ ᠪᠠᠶᠢᠳᠠᠯ ᠤᠨ ᠦᠵᠡᠯ ᠪᠠᠷᠢᠮᠲᠠᠯᠠᠯ︾᠂   《ᠠᠯᠤᠰ ᠤᠨ ᠬᠠᠷᠠᠭ᠎ᠠ 2050》 ᠮᠣᠩᠭᠣᠯ ᠤᠯᠤᠰ ᠤᠨ ᠤᠷᠲᠤ ᠬᠤᠭᠤᠴᠠᠭᠠᠨ ᠤ ᠬᠥᠭᠵᠢᠯ ᠦᠨ ᠪᠣᠳᠣᠯᠭ᠎ᠠ ᠳᠤ ᠤᠭ ᠤᠨ ᠪᠢᠴᠢᠭ ᠬᠥᠲᠥᠯᠬᠦ᠂ ᠴᠢᠰᠤ ᠣᠶᠢᠷᠠᠲᠤᠯᠲᠠ ᠠᠴᠠ ᠰᠡᠷᠭᠡᠶᠢᠯᠡᠬᠦ ᠬᠥᠲᠥᠯᠪᠦᠷᠢ ᠬᠡᠷᠡᠭᠵᠢᠭᠦᠯᠬᠦ᠂ ᠤᠳᠤᠮᠰᠢᠯ ᠤᠨ ᠡᠪᠡᠳᠴᠢᠨ᠂ ᠡᠷᠲᠡ ᠣᠨᠣᠰᠢᠯᠠᠭ᠎ᠠ᠂ ᠡᠮᠴᠢᠯᠡᠭᠡᠨ ᠦ  ᠴᠢᠳᠠᠪᠬᠢ ᠶᠢ ᠳᠡᠭᠡᠭᠰᠢᠯᠡᠭᠦᠯᠬᠦ ᠵᠠᠮ ᠢᠶᠠᠷ ᠮᠣᠩᠭᠣᠯ ᠬᠦᠮᠦᠨ ᠦ ᠤᠳᠤᠮ ᠤᠨ ᠰᠠᠩ ᠢ ᠬᠠᠮᠠᠭᠠᠯᠠᠵᠤ᠂  ᠡᠷᠡᠰᠳᠡᠯ ᠡᠴᠡ ᠤᠷᠢᠳᠴᠢᠯᠠᠨ ᠰᠡᠷᠭᠡᠶᠢᠯᠡᠵᠦ᠂ ᠬᠦᠮᠦᠨ ᠠᠮᠠ ᠶᠢᠨ ᠥᠰᠦᠯᠲᠡ᠂ ᠬᠥᠭᠵᠢᠯ ᠢ ᠳᠡᠮᠵᠢᠨ᠎ᠡ ᠭᠡᠵᠦ ᠲᠤᠰᠬᠠᠭᠰᠠᠨ᠃
ᠵᠠᠰᠠᠭ ᠤᠨ ᠭᠠᠵᠠᠷ ᠠᠴᠠ 1997 ᠣᠨ ᠳᠤ ︽ᠤᠭ ᠤᠨ ᠪᠢᠴᠢᠭ ᠬᠥᠲᠥᠯᠬᠦ ᠵᠢᠷᠤᠮ》 ᠭᠠᠷᠭᠠᠵᠤ᠂ 2007 ᠣᠨ ᠳᠤ ᠲᠤᠰ ᠵᠢᠷᠤᠮ ᠢ ᠰᠢᠨᠡᠴᠢᠯᠡᠨ ᠪᠠᠲᠤᠯᠠᠭᠤᠯᠵᠤ᠂ ᠮᠥᠷᠳᠡᠵᠦ ᠪᠠᠶᠢᠨ᠎ᠠ᠃ ᠬᠡᠳᠦᠢ ᠪᠡᠷ ᠤᠭ ᠤᠨ ᠪᠢᠴᠢᠭ ᠬᠥᠲᠥᠯᠦᠨ᠂ ᠪᠡᠶᠡᠲᠦ ᠪᠤᠰᠤ ᠥᠪ ᠢ ᠤᠯᠠᠮᠵᠢᠯᠠᠨ ᠦᠯᠡᠳᠡᠭᠡᠬᠦ ᠠᠷᠭ᠎ᠠ ᠬᠡᠮᠵᠢᠶ᠎ᠡ ᠶᠢ ᠠᠪᠴᠤ ᠬᠡᠷᠡᠭᠵᠢᠭᠦᠯᠵᠦ ᠪᠤᠢ ᠴᠤ ᠲᠡᠳᠦᠶᠢᠯᠡᠨ ᠬᠠᠩᠭᠠᠯᠲᠠ ᠲᠠᠢ ᠪᠢᠰᠢ ᠪᠠᠶᠢᠨ᠎ᠠ᠃

ᠮᠠᠨ ᠤ ᠤᠯᠤᠰ ᠲᠤ ᠣᠶᠤᠨ ᠤ ᠬᠥᠭᠵᠢᠯ ᠦᠨ ᠪᠡᠷᠬᠡᠰᠢᠶᠡᠯ ᠲᠡᠢ᠂ ᠰᠡᠳᠬᠢᠴᠡ ᠶᠢᠨ ᠬᠦᠨᠳᠦ ᠬᠡᠯᠪᠡᠷᠢ ᠶᠢᠨ ᠡᠮᠭᠡᠭ ᠲᠡᠢ ᠬᠦᠮᠦᠰ ᠦᠨ ᠠᠰᠠᠷᠠᠭᠠᠨ ᠳᠤ ᠤᠯᠤᠰ ᠤᠨ ᠲᠥᠰᠥᠪ ᠡᠴᠡ ᠵᠢᠯ ᠳᠦ 15.2 ᠲᠡᠷᠪᠤᠮ ᠲᠥᠭᠥᠷᠢᠭ ᠵᠠᠷᠤᠴᠠᠭᠤᠯᠵᠤ ᠪᠤᠢ ᠰᠤᠳᠤᠯᠭ᠎ᠠ ᠪᠤᠢ᠃ ᠬᠡᠷᠪᠡ ᠪᠢᠳᠡ ᠭᠧᠨᠧᠲ᠋ᠢᠭ ᠣᠨᠣᠰᠢᠯᠠᠭᠠᠨ ᠤ ᠯᠠᠪᠤᠷᠠᠲ᠋ᠣᠷᠢ ᠪᠠᠶᠢᠭᠤᠯᠵᠤ ᠴᠢᠰᠤ ᠣᠶᠢᠷᠠᠲᠤᠯᠲᠠ ᠶᠢᠨ ᠰᠢᠨᠵᠢᠯᠡᠭᠡ ᠶᠢ ᠨᠡᠶᠢᠲᠡ ᠭᠡᠷᠯᠡᠭᠴᠢᠳ ᠲᠦ ᠬᠢᠵᠦ ᠡᠬᠢᠯᠡᠪᠡᠯ ᠵᠢᠯ ᠳᠦ ᠣᠶᠢᠷᠠᠯᠴᠠᠭ᠎ᠠ ᠪᠠᠷ 16 ᠲᠡᠷᠪᠤᠮ ᠲᠥᠭᠥᠷᠢᠭ ᠦᠨ ᠵᠠᠷᠤᠳᠠᠯ ᠭᠠᠷᠬᠤ ᠪᠠᠷ ᠪᠠᠶᠢᠨ᠎ᠠ᠃ ᠪᠢᠳᠡ ᠬᠠᠯᠠᠮᠵᠢ ᠳᠤ ᠵᠠᠷᠤᠴᠠᠭᠤᠯᠬᠤ ᠲᠥᠰᠥᠪ ᠢᠶᠡᠨ ᠡᠷᠡᠭᠦᠯ ᠮᠣᠩᠭᠣᠯ ᠬᠦᠮᠦᠨ ᠢ ᠪᠦᠲᠦᠭᠡᠬᠦ ᠳᠦ ᠵᠠᠷᠤᠴᠠᠭᠤᠯᠵᠤ ᠪᠣᠯᠬᠤ ᠪᠦᠷᠢᠨ ᠪᠣᠯᠤᠮᠵᠢ ᠪᠠᠶᠢᠭ᠎ᠠ ᠶᠢ ᠡᠭᠦᠪᠡᠷ ᠬᠠᠷᠠᠭᠤᠯᠵᠤ ᠪᠠᠶᠢᠨ᠎ᠠ ᠭᠡᠪᠡ᠃
ᠬᠡᠯᠡᠯᠴᠡᠭᠦᠯᠭᠡ ᠶᠢᠨ ᠦᠶ᠎ᠡ ᠪᠡᠷ 《ᠬᠦᠮᠦᠨ ᠠᠮᠠ᠂ ᠤᠳᠤᠮ ᠤᠨ ᠰᠠᠩ ᠤᠨ ᠠᠶᠤᠯᠭᠦᠢ ᠪᠠᠶᠢᠳᠠᠯ》᠂ 《ᠬᠦᠮᠦᠨ ᠦ ᠭᠧᠨᠧᠲ᠋ᠢᠭ ᠤᠨ ᠣᠨᠣᠰᠢᠯᠠᠭ᠎ᠠ᠂ ᠡᠮᠴᠢᠯᠡᠭᠡᠨ ᠦ ᠬᠠᠤᠯᠢ ᠲᠣᠭᠲᠠᠭᠠᠮᠵᠢ᠂ ᠬᠡᠷᠡᠭᠴᠡᠭᠡ ᠱᠠᠭᠠᠷᠳᠠᠯᠭ᠎ᠠ》᠂ 《ᠤᠭ ᠤᠨ ᠪᠢᠴᠢᠭ ᠬᠥᠲᠥᠯᠬᠦ ᠵᠢᠷᠤᠮ ᠤᠨ ᠬᠡᠷᠡᠭᠵᠢᠯᠲᠡ᠂ ᠴᠢᠨᠠᠭᠰᠢᠳᠠ ᠠᠪᠬᠤ ᠠᠷᠭ᠎ᠠ ᠬᠡᠮᠵᠢᠶ᠎ᠡ》 ᠭᠡᠰᠡᠨ ᠰᠡᠳᠦᠪ ᠦᠳ ᠢᠶᠡᠷ ᠬᠣᠯᠪᠣᠭᠳᠠᠬᠤ ᠪᠠᠶᠢᠭᠤᠯᠤᠯᠭ᠎ᠠ ᠶᠢᠨ ᠲᠥᠯᠥᠭᠡᠯᠡᠭᠴᠢᠳ ᠢᠯᠡᠳᠬᠡᠯ ᠲᠠᠯᠪᠢᠵᠤ᠂ ᠰᠤᠳᠤᠯᠭ᠎ᠠ᠂ ᠮᠡᠳᠡᠭᠡᠯᠡᠯ ᠢᠶᠡᠨ ᠰᠤᠯᠢᠯᠴᠠᠪᠠ᠃

ᠰᠡᠳᠬᠢᠭᠳᠡᠯ ᠦᠯᠡᠳᠡᠭᠡᠬᠦ