ᠨᠠᠷᠠᠨ ᠤ ᠵᠠᠮ ᠢ ᠵᠢᠷᠭᠤᠭᠠᠨ ᠡᠩᠨᠡᠭᠡ ᠪᠣᠯᠭᠠᠨ᠎ᠠ | News.MN

ᠨᠠᠷᠠᠨ ᠤ ᠵᠠᠮ ᠢ ᠵᠢᠷᠭᠤᠭᠠᠨ ᠡᠩᠨᠡᠭᠡ ᠪᠣᠯᠭᠠᠨ᠎ᠠ

ᠤᠯᠤᠰ ᠤᠨ ᠶᠡᠬᠡ ᠬᠤᠷᠠᠯ ᠤᠨ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ  ᠳᠡᠭᠡᠷ᠎ᠡ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ ᠪᠣᠯᠤᠨ ᠠᠵᠢᠯ ᠤᠨ ᠠᠯᠪᠠ ᠵᠠᠮ ᠤᠨ ᠲᠦᠭᠵᠢᠷᠡᠯ ᠪᠠᠭᠤᠷᠠᠭᠤᠯᠬᠤ ᠴᠣᠭᠴᠠ ᠠᠷᠭ᠎ᠠ ᠬᠡᠮᠵᠢᠶᠡᠨ ᠦ ᠬᠦᠷᠢᠶᠡᠨ ᠳᠦ ᠲᠥᠰᠥᠪ ᠲᠦ ᠰᠠᠭᠤᠯᠭᠠᠭᠰᠠᠨ 420 ᠲᠡᠷᠪᠤᠮ ᠲᠥᠭᠥᠷᠢᠭ ᠦᠨ ᠵᠠᠷᠤᠴᠠᠭᠤᠯᠤᠯᠲᠠ ᠶᠢᠨ ᠲᠠᠯ᠎ᠠ ᠪᠠᠷ ᠮᠡᠳᠡᠭᠡᠯᠡᠯ ᠥᠭᠭᠦᠯ᠎ᠡ᠃

ᠠᠵᠢᠯ ᠤᠨ ᠬᠡᠰᠡᠭ ᠄ 420 ᠲᠡᠷᠪᠤᠮ ᠲᠥᠭᠥᠷᠢᠭ ᠢ ᠭᠤᠷᠪᠠ ᠬᠤᠪᠢᠶᠠᠵᠤ ᠪᠠᠶᠢᠭ᠎ᠠ᠃  110 ᠲᠡᠷᠪᠤᠮ ᠲᠥᠭᠥᠷᠢᠭ  ᠢ ᠭᠠᠵᠠᠷ  ᠴᠢᠯᠦᠭᠡᠯᠡᠬᠦ ᠳᠦ ᠲᠠᠯᠪᠢᠭᠰᠠᠨ᠃ 100 ᠲᠡᠷᠪᠤᠮ ᠢᠶᠠᠷ ᠨᠡᠶᠢᠲᠡ ᠶᠢᠨ ᠲᠡᠭᠡᠭᠡᠪᠦᠷᠢ  ᠰᠢᠨᠡᠴᠢᠯᠡᠵᠦ᠂ 500 ᠰᠢᠨ᠎ᠡ ᠴᠠᠬᠢᠯᠭᠠᠨ ᠠᠦ᠋ᠲ᠋ᠣᠪᠦ᠋ᠰ ᠢ ᠨᠡᠪᠲᠡᠷᠡᠭᠦᠯᠦᠨ᠎ᠡ᠃ ᠦᠯᠡᠳᠡᠭᠰᠡᠨ 100 ᠲᠡᠷᠪᠤᠮ ᠲᠥᠭᠥᠷᠢᠭ ᠢ ᠬᠥᠳᠡᠯᠭᠡᠭᠡᠨ ᠦ ᠡᠷᠴᠢᠮ ᠰᠠᠶᠢᠵᠢᠷᠠᠭᠤᠯᠬᠤ ᠲᠠᠢ ᠬᠣᠯᠪᠣᠭ᠎ᠠ ᠲᠠᠢ ᠰᠢᠢᠳᠦᠯ ᠦᠳ ᠲᠦ ᠵᠠᠷᠤᠴᠠᠭᠤᠯᠤᠨ᠎ᠠ᠃

ᠡᠭᠦᠨ ᠲᠡᠢ ᠬᠠᠪᠰᠤᠷᠤᠭᠠᠳ ᠳᠡᠯᠡᠬᠡᠢ ᠶᠢᠨ ᠪᠠᠩᠬᠢᠨ ᠤ ᠵᠢᠭᠡᠯᠡ ᠪᠡᠷ ᠨᠠᠷᠠᠨ ᠤ ᠵᠠᠮ ᠢ ᠵᠢᠷᠭᠤᠭᠠᠨ ᠡᠩᠨᠡᠭᠡ ᠪᠤᠯᠭᠠᠵᠤ᠂ ᠢᠨᠵᠧᠨᠧᠷ ᠦᠨ ᠱᠤᠭᠤᠮ ᠰᠦᠯᠵᠢᠶ᠎ᠡ᠂ ᠨᠣᠭᠣᠭᠠᠨ ᠪᠠᠶᠢᠭᠤᠯᠤᠮᠵᠢ᠂ ᠤᠰᠤ ᠵᠠᠶᠢᠯᠠᠭᠤᠯᠬᠤ ᠰᠢᠰᠲ᠋ᠧᠮ ᠦᠨ ᠬᠠᠮᠲᠤ ᠬᠢᠨ᠎ᠡ᠃ ᠡᠳᠡᠭᠡᠷ ᠪᠤᠯ ᠲᠠᠪᠤᠨ ᠵᠢᠯ ᠦᠨ ᠬᠤᠭᠤᠴᠠᠭᠠᠨ ᠳᠤ ᠬᠢᠭᠳᠡᠬᠦ ᠶᠤᠮ ᠭᠡᠪᠡ᠃

ᠰᠡᠳᠬᠢᠭᠳᠡᠯ ᠦᠯᠡᠳᠡᠭᠡᠬᠦ