Body painting  ᠦᠨ ᠲᠥᠷᠥᠯ ᠳᠦ ᠠᠩᠬ᠎ᠠ ᠤᠳᠠᠭ᠎ᠠ ᠳᠡᠯᠡᠬᠡᠢ ᠶᠢᠨ ᠠᠪᠤᠷᠭᠤ ᠭᠠᠷᠤᠯ᠎ᠠ | News.MN

Body painting  ᠦᠨ ᠲᠥᠷᠥᠯ ᠳᠦ ᠠᠩᠬ᠎ᠠ ᠤᠳᠠᠭ᠎ᠠ ᠳᠡᠯᠡᠬᠡᠢ ᠶᠢᠨ ᠠᠪᠤᠷᠭᠤ ᠭᠠᠷᠤᠯ᠎ᠠ

OMC Hairworld ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ body painting ᠪᠤᠶᠤ ᠪᠡᠶ᠎ᠡ ᠳᠡᠭᠡᠷ᠎ᠡ ᠵᠢᠷᠤᠬᠤ ᠤᠷᠠᠯᠢᠭ ᠤᠨ ᠲᠥᠷᠥᠯ ᠳᠦ ᠯ∙ᠴᠢᠮᠡᠳᠳᠤᠯᠮ᠎ᠠ ᠲᠡᠷᠢᠭᠦᠨ ᠪᠠᠶᠢᠷᠢ ᠶᠢ ᠡᠵᠡᠯᠡᠵᠡᠢ᠃ ᠲᠡᠷᠡ᠄ ᠪᠢᠳᠡᠨ ᠢ ᠴᠢᠩ ᠰᠡᠳᠬᠢᠯ ᠡᠴᠡ ᠪᠡᠨ ᠲᠤᠰᠠᠯᠠᠵᠤ ᠳᠡᠮᠵᠢᠭᠰᠡᠨ ᠬᠠᠶᠢᠷᠠᠲᠠᠢ ᠭᠡᠷ ᠪᠦᠯᠢ ᠪᠣᠯᠤᠨ ᠬᠠᠮᠲᠤ ᠣᠯᠠᠨ ᠲᠠ ᠪᠦᠬᠦᠨ ᠳᠦ ᠪᠡᠨ ᠮᠠᠰᠢ ᠶᠡᠬᠡ ᠪᠠᠶᠠᠷᠯᠠᠯ᠎ᠠ᠃ ᠰᠡᠭᠦᠯ ᠦᠨ ᠠᠷᠪᠠ ᠭᠠᠷᠤᠢ ᠵᠢᠯ ᠡᠨᠡ ᠰᠠᠯᠪᠤᠷᠢ ᠳᠤ ᠲᠤᠤᠱᠲᠠᠢ ᠠᠵᠢᠯᠯᠠᠵᠤ ᠬᠥᠳᠡᠯᠮᠦᠷᠢᠯᠡᠭᠰᠡᠨ ᠦ ᠭᠠᠪᠢᠶ᠎ᠠ ᠶᠢ ᠥᠨᠥᠳᠥᠷ ᠠᠮᠰᠠᠵᠤ ᠪᠠᠶᠢᠨ᠎ᠠ ᠬᠡᠮᠡᠨ ᠪᠠᠶᠠᠷ ᠤᠨ ᠰᠡᠳᠬᠢᠭᠳᠡᠯ ᠢᠶᠡᠨ ᠢᠯᠡᠷᠬᠡᠶᠢᠯᠡᠪᠡ᠃
OMC Hairworld ᠲᠡᠮᠡᠴᠡᠭᠡᠨ ᠳᠦ ᠮᠣᠩᠭᠣᠯ ᠤᠯᠤᠰ ᠠᠴᠠ 30 ᠭᠠᠷᠤᠢ ᠬᠦᠮᠦᠨ ᠣᠷᠣᠯᠴᠠᠭᠰᠠᠨ ᠪᠥᠭᠡᠳ ᠪᠠᠭ ᠢᠶᠠᠷ ᠢᠶᠠᠨ ᠧᠦ᠋ᠷᠣᠫᠠ ᠪᠥᠰᠡ ᠶᠢᠨ ᠠᠪᠤᠷᠭᠤ ᠪᠣᠯᠤᠭᠰᠠᠨ ᠪᠠᠶᠢᠨ᠎ᠠ᠃ ᠲᠡᠭᠦᠨᠴᠢᠯᠡᠨ ᠠᠮᠧᠷᠢᠺᠠ  ᠳᠦ ᠵᠣᠬᠢᠶᠠᠨ ᠪᠠᠶᠢᠭᠤᠯᠤᠭᠰᠠᠨ ᠣᠯᠠᠨ ᠤᠯᠤᠰ ᠤᠨ Global vega beauty championship ᠲᠡᠮᠡᠴᠡᠭᠡᠨ ᠳᠦ ᠯ∙ᠴᠢᠮᠡᠳᠳᠤᠯᠮ᠎ᠠ᠂ ᠯ∙ᠰᠡᠷᠡᠩᠳᠤᠯᠮ᠎ᠠ ᠨᠠᠷ ᠣᠷᠣᠯᠴᠠᠵᠤ ᠳᠥᠷᠪᠡᠨ ᠲᠥᠷᠥᠯ ᠳᠦ ᠲᠠᠪᠤᠨ ᠠᠯᠲᠠᠨ ᠴᠣᠮᠣ ᠶᠢᠨ ᠡᠵᠡᠨ ᠪᠣᠯᠵᠠᠢ᠃

ᠰᠡᠳᠬᠢᠭᠳᠡᠯ ᠦᠯᠡᠳᠡᠭᠡᠬᠦ