《ᠫᠠᠷᠯᠠᠮᠧᠨᠲ  ᠤᠨ ᠪᠣᠯᠪᠠᠰᠤᠷᠠᠯ》ᠬᠥᠲᠥᠯᠪᠦᠷᠢ ᠶᠢᠨ ᠨᠡᠭᠡᠭᠡᠯᠲᠡ ᠪᠣᠯᠤᠯ᠎ᠠ | News.MN

《ᠫᠠᠷᠯᠠᠮᠧᠨᠲ  ᠤᠨ ᠪᠣᠯᠪᠠᠰᠤᠷᠠᠯ》ᠬᠥᠲᠥᠯᠪᠦᠷᠢ ᠶᠢᠨ ᠨᠡᠭᠡᠭᠡᠯᠲᠡ ᠪᠣᠯᠤᠯ᠎ᠠ

ᠠᠷᠠᠳᠴᠢᠯᠠᠭᠰᠠᠨ ᠲᠣᠭᠲᠠᠯᠴᠠᠭᠠᠨ ᠳᠤ ᠫᠠᠷᠯᠠᠮᠧᠨᠲ ᠶᠠᠮᠠᠷ ᠡᠭᠦᠷᠭᠡ ᠭᠦᠢᠴᠡᠳᠭᠡᠳᠡᠭ ᠪᠣᠯᠬᠤ ᠶᠢ ᠴᠣᠭᠴᠠ᠂ ᠰᠢᠰᠲ᠋ᠧᠮ ᠲᠡᠢ ᠣᠶᠢᠯᠠᠭᠠᠭᠤᠯᠬᠤ ᠠᠴᠠ ᠭᠠᠳᠠᠨ᠎ᠠ ᠫᠠᠷᠯᠠᠮᠧᠨᠲ ᠦᠨᠳᠦᠰᠦᠨ ᠴᠢᠭ ᠡᠭᠦᠷᠭᠡ ᠪᠡᠨ ᠬᠡᠷᠡᠭᠵᠢᠭᠦᠯᠬᠦ ᠳᠦ ᠪᠡᠨ ᠲᠥᠯᠥᠭᠡᠯᠡᠯ ᠢ ᠬᠠᠩᠭᠠᠭᠰᠠᠨ᠂ ᠢᠯᠡ ᠲᠣᠳᠣ᠂ ᠦᠷ᠎ᠡ ᠨᠥᠯᠥᠭᠡ ᠲᠡᠢ ᠪᠠᠶᠢᠬᠤ ᠨᠢ ᠶᠠᠮᠠᠷ ᠴᠢᠬᠤᠯᠠ ᠪᠣᠯᠬᠤ ᠶᠢ ᠬᠡᠦᠬᠡᠳ᠂ ᠵᠠᠯᠠᠭᠤᠴᠤᠳ᠂ ᠣᠯᠠᠨ ᠨᠡᠶᠢᠲᠡ ᠳᠦ ᠲᠠᠶᠢᠯᠪᠤᠷᠢᠯᠠᠨ ᠰᠤᠷᠲᠠᠯᠴᠢᠯᠠᠬᠤ ᠵᠣᠷᠢᠯᠭ᠎ᠠ ᠲᠠᠢ《ᠫᠠᠷᠯᠠᠮᠧᠨᠲ ᠤᠨ ᠪᠣᠯᠪᠠᠰᠤᠷᠠᠯ》ᠬᠥᠲᠥᠯᠪᠦᠷᠢ ᠶᠢᠨ ᠨᠡᠭᠡᠭᠡᠯᠲᠡ ᠥᠨᠥᠳᠥᠷ ᠪᠣᠯᠤᠯ᠎ᠠ᠃
ᠮᠣᠩᠭᠣᠯ ᠤᠯᠤᠰ ᠤᠨ ᠪᠦᠬᠦ ᠬᠦᠮᠦᠨ ᠠᠮᠠ ᠳᠤ ᠴᠢᠭᠯᠡᠭᠦᠯᠦᠨ ᠦᠶ᠎ᠡ ᠱᠠᠲᠤ ᠲᠠᠢ ᠪᠠᠷ ᠬᠡᠷᠡᠭᠵᠢᠭᠦᠯᠬᠦ ᠲᠤᠰ ᠬᠥᠲᠥᠯᠪᠦᠷᠢ ᠶᠢ ᠮᠣᠩᠭᠣᠯ ᠤᠯᠤᠰ ᠤᠨ ᠶᠡᠬᠡ ᠬᠤᠷᠠᠯ ᠤᠨ ᠲᠠᠮᠠᠭ᠎ᠠ ᠶᠢᠨ ᠭᠠᠵᠠᠷ ᠠᠴᠠ ᠬᠡᠷᠡᠭᠵᠢᠭᠦᠯᠬᠦ ᠪᠥᠭᠡᠳ ᠬᠥᠲᠥᠯᠪᠦᠷᠢ ᠶᠢ ᠬᠡᠷᠡᠭᠵᠢᠭᠦᠯᠬᠦ ᠳᠦ ᠰᠸᠢᠰ ᠤᠨ ᠬᠥᠭᠵᠢᠯ ᠦᠨ ᠠᠭᠧᠨᠲᠯᠢᠭ ᠬᠠᠮᠲᠤᠷᠠᠨ ᠠᠵᠢᠯᠯᠠᠵᠤ ᠪᠠᠶᠢᠨ᠎ᠠ᠃
ᠲᠥᠷᠥ ᠶᠢᠨ ᠣᠷᠳᠣᠨ ᠳᠤ ᠪᠣᠯᠤᠭᠰᠠᠨ ᠬᠥᠲᠥᠯᠪᠦᠷᠢ ᠶᠢᠨ ᠨᠡᠭᠡᠭᠡᠯᠲᠡ ᠶᠢᠨ ᠦᠢᠯᠡ ᠠᠵᠢᠯᠯᠠᠭᠠᠨ ᠳᠤ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠪᠠᠭᠰᠢ᠂ ᠰᠤᠷᠤᠭᠴᠢᠳ᠂ ᠢᠷᠭᠡᠨ ᠦ ᠪᠣᠯᠪᠠᠰᠤᠷᠠᠯ ᠤᠨ ᠴᠢᠭᠯᠡᠯ ᠦᠨ ᠲᠥᠷᠥ ᠶᠢᠨ ᠪᠤᠰᠤ ᠪᠠᠶᠢᠭᠤᠯᠤᠯᠭ᠎ᠠ ᠨᠤᠭᠤᠳ ᠤᠨ ᠪᠣᠯᠤᠨ 《ᠫᠠᠷᠯᠠᠮᠧᠨᠲ ᠤᠨ ᠪᠣᠯᠪᠠᠰᠤᠷᠠᠯ》 ᠭᠠᠷ ᠤᠨ ᠠᠪᠤᠯᠭ᠎ᠠ ᠨᠣᠮ ᠤᠨ ᠠᠭᠤᠯᠭ᠎ᠠ ᠶᠢᠨ ᠵᠦᠪᠯᠡᠬᠦ᠂ ᠷᠧᠳᠠᠺᠲᠣᠷ ᠢᠶᠠᠷ ᠠᠵᠢᠯᠯᠠᠭᠰᠠᠨ ᠬᠦᠨᠳᠦᠲᠦ ᠵᠣᠴᠢᠳ ᠤᠨ ᠲᠥᠯᠥᠭᠡᠯᠡᠯ᠂ ᠤᠯᠤᠰ ᠤᠨ ᠶᠡᠬᠡ ᠬᠤᠷᠠᠯ ᠤᠨ ᠭᠡᠰᠢᠭᠦᠳ᠂ ᠤᠯᠤᠰ ᠤᠨ ᠶᠡᠬᠡ ᠬᠤᠷᠠᠯ ᠤᠨ ᠲᠠᠮᠠᠭ᠎ᠠ ᠶᠢᠨ ᠭᠠᠵᠠᠷ ᠤᠨ  ᠠᠵᠢᠯᠲᠠᠳ ᠤᠷᠤᠯᠴᠠᠪᠠ᠃
ᠬᠥᠲᠥᠯᠪᠦᠷᠢ ᠶᠢ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠎ᠠ ᠨᠡᠭᠡᠭᠡᠵᠦ ᠦᠭᠡ ᠬᠡᠯᠡᠪᠡ᠃ ᠲᠡᠷᠡᠪᠡᠷ᠄ ᠡᠨᠡ ᠬᠥᠲᠥᠯᠪᠦᠷᠢ ᠪᠣᠯ 2019 ᠣᠨ ᠳᠤ ᠪᠠᠲᠤᠯᠠᠭᠰᠠᠨ ᠮᠣᠩᠭᠣᠯ ᠤᠯᠤᠰ ᠤᠨ ᠶᠡᠬᠡ ᠬᠤᠷᠠᠯ ᠤᠨ ᠰᠲᠷᠠᠲ᠋ᠧᠭᠢ ᠲᠥᠯᠦᠪᠯᠡᠭᠡᠨ ᠦ ᠨᠢᠭᠡ ᠦᠨᠳᠦᠰᠦᠨ ᠵᠣᠷᠢᠯᠲᠠ ᠶᠤᠮ᠃ ᠮᠥᠨ 2019 ᠣᠨ ᠠᠴᠠ ᠡᠬᠢᠯᠡᠭᠰᠡᠨ ᠫᠠᠷᠯᠠᠮᠧᠨᠲ ᠤᠨ ᠰᠢᠨᠡᠴᠢᠯᠡᠯ ᠦᠨ ᠨᠢᠭᠡ ᠴᠢᠭᠯᠡᠯ ᠪᠢᠯᠡ᠃ ᠪᠢᠳᠡ ᠮᠣᠩᠭᠣᠯ ᠤᠯᠤᠰ ᠤᠨ ᠦᠨᠳᠦᠰᠦᠨ ᠬᠠᠤᠯᠢ ᠶᠢᠨ 3.1  ᠳᠦ ᠵᠢᠭᠠᠭᠰᠠᠨ 《ᠠᠷᠠᠳ ᠲᠦᠮᠡᠨ ᠵᠠᠰᠠᠭᠯᠠᠬᠤ》 ᠡᠷᠬᠡ ᠶᠢ ᠬᠠᠩᠭᠠᠬᠤ ᠶᠢ ᠵᠣᠷᠢᠵᠤ ᠪᠠᠶᠢᠨ᠎ᠠ᠃ ᠡᠨᠡ ᠬᠦᠷᠢᠶᠡᠨ ᠳᠦ ᠬᠡᠦᠬᠡᠳ ᠵᠠᠯᠠᠭᠤᠰ ᠲᠤ ᠪᠠᠨ ᠤᠯᠤᠰ ᠤᠨ ᠶᠡᠬᠡ ᠬᠤᠷᠠᠯ ᠭᠡᠵᠦ ᠶᠠᠮᠠᠷ ᠪᠠᠶᠢᠭᠤᠯᠤᠯᠭ᠎ᠠ ᠪᠤᠢ᠂ ᠬᠠᠤᠯᠢ ᠶᠢ ᠬᠡᠷᠬᠢᠨ ᠲᠣᠭᠲᠠᠭᠠᠳᠠᠭ ᠶᠤᠮ᠂ ᠢᠷᠭᠡᠳ᠂ ᠬᠡᠦᠬᠡᠳ ᠦᠳ ᠶᠠᠮᠠᠷ ᠡᠷᠬᠡ᠂ ᠡᠭᠦᠷᠭᠡ ᠲᠡᠢ ᠪᠤᠢ᠂ ᠫᠠᠷᠯᠠᠮᠧᠨᠲ ᠲᠤ ᠥᠪᠡᠷ ᠦᠨ ᠳᠠᠭᠤ ᠬᠣᠭᠣᠯᠠᠢ  ᠪᠠᠨ ᠬᠦᠷᠭᠡᠵᠦ᠂ ᠰᠠᠨᠠᠯ ᠪᠣᠳᠣᠯ ᠢᠶᠠᠨ ᠢᠯᠡᠷᠬᠡᠶᠢᠯᠡᠬᠦ ᠶᠢᠨ ᠲᠤᠯᠠᠳᠠ ᠶᠠᠭᠠᠬᠢᠬᠤ ᠶᠣᠰᠣᠲᠠᠢ ᠪᠤᠢ ᠵᠡᠷᠭᠡ ᠮᠡᠳᠡᠯᠭᠡ ᠶᠢ ᠣᠯᠭᠤᠬᠤ ᠶᠢ ᠪᠢᠳᠡ ᠬᠦᠰᠡᠵᠦ ᠪᠠᠶᠢᠭ᠎ᠠ ᠶᠤᠮ᠃ ᠠᠷᠠᠳ ᠢᠷᠭᠡᠳ᠂ ᠬᠡᠦᠬᠡᠳ ᠵᠠᠯᠠᠭᠤᠰ ᠲᠤ ᠪᠠᠨ ᠮᠣᠩᠭᠣᠯ ᠤᠨ ᠫᠠᠷᠯᠠᠮᠧᠨᠲ ᠨᠡᠭᠡᠭᠡᠯᠲᠡ ᠲᠡᠢ ᠪᠠᠶᠢᠨ᠎ᠠ᠃ ᠤᠯᠤᠰ ᠤᠨ ᠶᠡᠬᠡ ᠬᠤᠷᠠᠯ ᠳᠡᠭᠡᠷ᠎ᠡ ᠢᠷᠡᠭᠡᠳ ᠰᠤᠷᠭᠠᠯᠲᠠ ᠳᠤ ᠬᠠᠮᠤᠷᠤᠭᠳᠠᠬᠤ᠂ ᠰᠠᠨᠠᠯ ᠪᠣᠳᠣᠯ ᠢᠶᠠᠨ ᠰᠢᠭᠤᠳ᠂ ᠴᠢᠯᠦᠭᠡᠲᠡᠢ ᠰᠤᠯᠢᠯᠴᠠᠬᠤ ᠨᠢ ᠢᠯᠡᠭᠦᠦ ᠦᠷ᠎ᠡ ᠳ᠋ᠦᠩ ᠲᠡᠢ ᠭᠡᠵᠦ ᠪᠢᠳᠡ ᠪᠣᠳᠣᠵᠤ ᠪᠠᠶᠢᠭ᠎ᠠ ᠶᠤᠮ ᠬᠡᠮᠡᠯ᠎ᠡ᠃

ᠰᠡᠳᠬᠢᠭᠳᠡᠯ ᠦᠯᠡᠳᠡᠭᠡᠬᠦ