《ᠥᠷᠲᠡᠭᠡ》ᠣᠨ ᠤ ᠳᠦᠷᠰᠦᠯᠡᠬᠦ ᠤᠷᠠᠯᠢᠭ ᠤᠨ ᠰᠢᠯᠢᠳᠡᠭ ᠪᠦᠲᠦᠭᠡᠯ ᠢᠶᠡᠷ ᠰᠢᠯᠭᠠᠷᠠᠯ᠎ᠠ | News.MN

《ᠥᠷᠲᠡᠭᠡ》ᠣᠨ ᠤ ᠳᠦᠷᠰᠦᠯᠡᠬᠦ ᠤᠷᠠᠯᠢᠭ ᠤᠨ ᠰᠢᠯᠢᠳᠡᠭ ᠪᠦᠲᠦᠭᠡᠯ ᠢᠶᠡᠷ ᠰᠢᠯᠭᠠᠷᠠᠯ᠎ᠠ

ᠮᠣᠩᠭᠣᠯ ᠤᠨ ᠤᠷᠠᠨ ᠵᠢᠷᠤᠭ ᠤᠨ ᠭᠠᠯᠧᠷᠧᠢ 《ᠳᠦᠷᠰᠦᠯᠡᠬᠦ ᠤᠷᠠᠯᠢᠭ ᠤᠨ ᠰᠢᠯᠢᠳᠡᠭ ᠪᠦᠲᠦᠭᠡᠯ ᠢ ᠤᠯᠤᠰ ᠤᠨ ᠠᠯᠲᠠᠨ ᠰᠠᠩ ᠳᠤ ᠰᠢᠯᠭᠠᠷᠠᠭᠤᠯᠤᠨ ᠠᠪᠬᠤ ᠵᠢᠷᠤᠮ》 ᠤᠨ ᠳᠠᠭᠠᠤ ᠡᠭᠡᠯᠵᠢᠲᠦ ᠰᠢᠯᠭᠠᠷᠠᠭᠤᠯᠤᠯᠲᠠ ᠪᠠᠨ ᠶᠠᠪᠤᠭᠤᠯᠵᠠᠢ᠃ ᠣᠨ ᠤ ᠰᠢᠯᠢᠳᠡᠭ ᠪᠦᠲᠦᠭᠡᠯ ᠢᠶᠡᠷ ᠵᠢᠷᠤᠭᠠᠴᠢ᠂ ᠪᠠᠷᠢᠮᠠᠯᠴᠢ ᠪ ∙ ᠤᠷᠬᠤᠨᠲᠤᠤᠯᠠ ᠶᠢᠨ 《ᠥᠷᠲᠡᠭᠡ》ᠪᠦᠲᠦᠭᠡᠯ ᠰᠢᠯᠭᠠᠷᠠᠭᠰᠠᠨ ᠪᠠᠶᠢᠨ᠎ᠠ᠃ ᠰᠢᠯᠢᠳᠡᠭ ᠪᠦᠲᠦᠭᠡᠯ ᠦᠨ ᠰᠢᠯᠭᠠᠷᠠᠭᠤᠯᠤᠯᠲᠠ ᠳᠤ 83 ᠤᠷᠠᠨ ᠪᠦᠲᠦᠭᠡᠯᠴᠢ ᠶᠢᠨ 100 ᠭᠠᠷᠤᠢ ᠪᠦᠲᠦᠭᠡᠯ ᠢ ᠬᠡᠯᠡᠯᠴᠡᠨ ᠰᠢᠯᠭᠠᠷᠠᠭᠤᠯᠵᠤ᠂ ᠰᠢᠯᠢᠳᠡᠭ ᠪᠦᠲᠦᠭᠡᠯ ᠢ 10 ᠰᠠᠶ᠎ᠠ ᠲᠥᠭᠥᠷᠢᠭ ᠢᠶᠡᠷ ᠬᠤᠳᠠᠯᠳᠤᠨ ᠠᠪᠤᠭᠰᠠᠨ ᠪᠠᠶᠢᠨ᠎ᠠ᠃
ᠪ∙ᠤᠷᠬᠤᠨᠲᠤᠤᠯᠠ ᠶᠢᠨ《ᠥᠷᠲᠡᠭᠡ》ᠪᠦᠲᠦᠭᠡᠯ ᠨᠢ ᠨᠠᠰᠤ ᠪᠠᠷᠠᠭᠰᠠᠨ ᠬᠦᠮᠦᠨ ᠢ ᠣᠷᠣᠰᠢᠭᠤᠯᠬᠤ ᠳᠤ ᠪᠠᠨ ᠨᠡᠭᠦᠳᠡᠯᠴᠢᠳ ᠦᠨ ᠵᠠᠩ ᠦᠢᠯᠡ ᠪᠡᠷ ᠢᠰᠡᠭᠡᠢ ᠳᠦ ᠣᠷᠢᠶᠠᠵᠤ ᠲᠠᠯᠪᠢᠳᠠᠭ ᠲᠤᠬᠠᠢ ᠪᠤᠶᠤ ᠬᠦᠮᠦᠨ ᠦ ᠨᠠᠰᠤ ᠪᠠᠷᠠᠬᠤ ᠬᠢᠭᠡᠳ ᠲᠥᠷᠥᠬᠦ ᠦᠢᠯᠡ ᠶᠠᠪᠤᠴᠠ ᠶᠢ ᠬᠠᠷᠠᠭᠤᠯᠤᠭᠰᠠᠨ ᠪᠦᠲᠦᠭᠡᠯ ᠶᠤᠮ᠃

ᠰᠡᠳᠬᠢᠭᠳᠡᠯ ᠦᠯᠡᠳᠡᠭᠡᠬᠦ