ᠲᠥᠭᠥᠷᠢᠭ ᠦᠨ ᠬᠠᠳᠠᠭᠠᠯᠠᠮᠵᠢ ᠡᠨᠡ ᠣᠨ ᠤ ᠠᠷᠪᠠᠨ ᠨᠢᠭᠡᠳᠦᠭᠡᠷ ᠰᠠᠷ᠎ᠠ ᠶᠢᠨ ᠡᠴᠦᠰ ᠲᠦ 14.9 ᠶᠡᠬᠡ ᠨᠠᠶᠤᠳ ᠲᠥᠭᠥᠷᠢᠭ ᠪᠣᠯᠵᠤ᠂ ᠡᠮᠦᠨᠡᠬᠢ ᠰᠠᠷ᠎ᠠ ᠶᠢᠨ ᠬᠢ ᠠᠴᠠ 46.1︵0.3 ᠬᠤᠪᠢ︶ ᠲᠡᠷᠪᠤᠮ᠂ ᠡᠮᠦᠨᠡᠬᠢ ᠣᠨ ᠤ ᠮᠥᠨ ᠦᠶ᠎ᠡ ᠶᠢᠨ ᠬᠢ ᠡᠴᠡ 2.5︵20.1 ᠬᠤᠪᠢ︶ ᠶᠡᠬᠡ ᠨᠠᠶᠤᠳ ᠲᠥᠭᠥᠷᠢᠭ ᠢᠶᠡᠷ ᠨᠡᠮᠡᠭᠳᠡᠵᠡᠢ᠃ ᠲᠥᠭᠥᠷᠢᠭ ᠦᠨ ᠬᠠᠳᠠᠭᠠᠯᠠᠮᠵᠢ ᠶᠢᠨ 88.7 ᠬᠤᠪᠢ︵13.3 ᠶᠡᠬᠡ ᠨᠠᠶᠤᠳ ᠲᠥᠭᠥᠷᠢᠭ︶ᠨᠢ ᠢᠷᠭᠡᠳ ᠦᠨ᠂ 11.3 ᠬᠤᠪᠢ︵1.7 ᠶᠡᠬᠡ ᠨᠠᠶᠤᠳ ᠲᠥᠭᠥᠷᠢᠭ︶ ᠨᠢ ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ ᠶᠢᠨ ᠬᠠᠳᠠᠭᠠᠯᠠᠮᠵᠢ ᠠᠵᠠᠢ᠃
ᠸᠠᠯᠢᠶᠤᠲ ᠤᠨ ᠬᠠᠳᠠᠭᠠᠯᠠᠮᠵᠢ 4.1 ᠶᠡᠬᠡ ᠨᠠᠶᠤᠳ ᠲᠥᠭᠥᠷᠢᠭ ᠪᠣᠯᠵᠤ᠂ ᠡᠮᠦᠨᠡᠬᠢ ᠰᠠᠷ᠎ᠠ ᠶᠢᠨ ᠬᠢ ᠠᠴᠠ 81.5︵2 ᠬᠤᠪᠢ︶ ᠲᠡᠷᠪᠤᠮ ᠲᠥᠭᠥᠷᠢᠭ ᠢᠶᠡᠷ ᠨᠡᠮᠡᠭᠳᠡᠵᠦ᠂ ᠬᠠᠷᠢᠨ ᠡᠮᠦᠨᠡᠬᠢ ᠣᠨ ᠤ ᠮᠥᠨ ᠦᠶ᠎ᠡ ᠶᠢᠨ ᠬᠢ ᠡᠴᠡ 707.8︵14.8 ᠬᠤᠪᠢ︶ ᠲᠡᠷᠪᠤᠮ ᠲᠥᠭᠥᠷᠢᠭ ᠢᠶᠡᠷ ᠪᠠᠭᠠᠰᠤᠭᠰᠠᠨ ᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠮᠡᠳᠡᠭᠡᠯᠡᠪᠡ᠃