《ᠮᠣᠩᠭᠣᠯ ᠤᠯᠤᠰ ᠤᠨ ᠳᠤᠷᠠᠰᠬᠠᠯ ᠤᠨ ᠵᠣᠭᠣᠰ》ᠨᠤᠮ ᠬᠡᠪᠯᠡᠯ᠎ᠡ | News.MN

《ᠮᠣᠩᠭᠣᠯ ᠤᠯᠤᠰ ᠤᠨ ᠳᠤᠷᠠᠰᠬᠠᠯ ᠤᠨ ᠵᠣᠭᠣᠰ》ᠨᠤᠮ ᠬᠡᠪᠯᠡᠯ᠎ᠡ

ᠮᠣᠩᠭᠣᠯ ᠪᠠᠩᠭᠢᠨ ᠤ ᠡᠷᠳᠡᠨᠢᠰ ᠦᠨ ᠰᠠᠩ᠂ ᠵᠣᠭᠣᠰ᠂ ᠮᠥᠩᠭᠥᠨ ᠲᠡᠮᠳᠡᠭᠲᠦ ᠰᠤᠳᠤᠯᠤᠭᠠᠴᠢ ᠴ∙ᠡᠩᠬᠡᠪᠠᠲᠤ ᠲᠠᠢ ᠬᠠᠮᠲᠤᠷᠠᠨ ᠮᠠᠨ ᠤ ᠤᠯᠤᠰ ᠲᠤ ᠳᠤᠷᠠᠰᠬᠠᠯ ᠤᠨ ᠵᠣᠭᠣᠰ ᠭᠠᠷᠭᠠᠭᠰᠠᠨ ᠤ 50 ᠵᠢᠯ ᠦᠨ ᠣᠢ ᠳᠤ ᠵᠣᠷᠢᠭᠤᠯᠵᠤ᠂《ᠮᠣᠩᠭᠣᠯ ᠤᠯᠤᠰ ᠤᠨ ᠳᠤᠷᠠᠰᠬᠠᠯ ᠤᠨ ᠵᠣᠭᠣᠰ》  ᠺᠠᠲᠯᠤᠭᠢ ᠶᠢ ᠡᠮᠬᠢᠳᠬᠡᠨ ᠭᠠᠷᠭᠠᠯ᠎ᠠ᠃ ᠮᠣᠩᠭᠣᠯ ᠪᠠᠩᠭᠢᠨ ᠤ ᠶᠡᠷᠦᠩᠬᠡᠶᠢᠯᠡᠭᠴᠢ ᠪ∙ᠯᠾᠬᠠᠪᠠᠰᠦ᠋ᠷᠤᠩ᠄ ᠳᠤᠷᠠᠰᠬᠠᠯ ᠤᠨ ᠵᠣᠭᠣᠰ ᠨᠢ ᠲᠤᠬᠠᠢ ᠶᠢᠨ ᠦᠢᠯᠡ ᠶᠠᠪᠤᠳᠠᠯ ᠳᠤ ᠵᠣᠷᠢᠭᠤᠯᠤᠭᠰᠠᠨ ᠵᠢᠷᠤᠭ ᠴᠢᠮᠡᠭᠯᠡᠯ᠂ ᠲᠤᠰᠬᠠᠢ ᠪᠢᠴᠢᠪᠦᠷᠢ ᠪᠡᠷ ᠢᠶᠡᠨ ᠪᠤᠰᠤᠳ ᠵᠣᠭᠣᠰᠤᠨ ᠠᠴᠠ ᠢᠯᠭᠠᠭᠳᠠᠵᠤ᠂ ᠨᠡᠷᠡᠯᠡᠭᠰᠡᠨ ᠦᠨ᠎ᠡ᠂ ᠪᠠᠩᠬᠢᠨ ᠤ ᠪᠡᠯᠭᠡᠳᠡᠯ ᠲᠡᠮᠳᠡᠭ ᠢ ᠠᠭᠤᠯᠬᠤ ᠠᠴᠠ ᠭᠠᠳᠠᠨ᠎ᠠ ᠪᠠᠩᠬᠢ ᠰᠠᠩᠬᠦᠦ ᠶᠢᠨ ᠪᠡᠶ᠎ᠡ ᠳᠠᠭᠠᠭᠠᠭᠰᠠᠨ ᠪᠠᠶᠢᠳᠠᠯ ᠢ ᠬᠠᠷᠠᠭᠤᠯᠵᠤ᠂ ᠤᠯᠤᠰ ᠣᠷᠣᠨ ᠢ ᠰᠤᠷᠲᠠᠯᠴᠢᠯᠠᠬᠤ ᠥᠪᠡᠷᠮᠢᠴᠡ ᠢᠯᠡᠷᠬᠡᠶᠢᠯᠡᠯ ᠪᠣᠯᠳᠠᠭ ᠬᠡᠮᠡᠨ ᠨᠤᠮ ᠤᠨ ᠡᠮᠦᠨᠡᠬᠢ ᠦᠭᠡᠨ ᠳᠦ ᠳᠤᠷᠠᠳᠤᠭᠰᠠᠨ ᠪᠠᠶᠢᠪᠠ᠃
ᠲᠥᠪ ᠪᠠᠩᠬᠢ ᠨᠢ ᠲᠡᠦᠬᠡᠨ ᠲᠡᠮᠳᠡᠭᠯᠡᠯᠲᠦ ᠣᠢ᠂ ᠰᠤᠶᠤᠯ ᠤᠨ ᠥᠪ᠂ ᠰᠫᠣᠷᠲ ᠤᠨ ᠠᠮᠵᠢᠯᠲᠠ᠂ ᠲᠡᠦᠬᠡᠲᠦ ᠬᠦᠮᠦᠰ᠂ ᠣᠨᠴᠠᠯᠢᠭ ᠦᠢᠯᠡ ᠶᠠᠪᠤᠳᠠᠯ ᠳᠤ ᠵᠣᠷᠢᠭᠤᠯᠤᠨ ᠣᠯᠠᠨ ᠲᠥᠷᠥᠯ ᠦᠨ ᠳᠤᠷᠠᠰᠬᠠᠯ ᠤᠨ ᠵᠣᠭᠣᠰ ᠢ ᠠᠯᠲᠠ᠂ ᠮᠥᠩᠭᠥ᠂ ᠴᠠᠭᠠᠨ ᠠᠯᠲᠠ ᠵᠡᠷᠭᠡ ᠦᠨᠡᠲᠦ ᠮᠧᠲ᠋ᠠᠯ᠂ ᠨᠢᠺᠧᠯ ᠵᠡᠰ ᠵᠡᠷᠭᠡ ᠥᠩᠭᠡᠲᠦ ᠮᠧᠲ᠋ᠠᠯ ᠢᠶᠠᠷ ᠭᠠᠷᠭᠠᠳᠠᠭ᠃ 2007 ᠣᠨ ᠳᠤ ᠭᠠᠷᠭᠠᠭᠰᠠᠨ 《ᠨᠣᠬᠠᠢ ᠵᠡᠭᠡᠬᠦ》ᠳᠤᠷᠠᠰᠬᠠᠯ ᠤᠨ ᠵᠣᠭᠣᠰ 《2009 ᠣᠨ ᠤ ᠰᠢᠯᠢᠳᠡᠭ ᠵᠣᠭᠣᠰ》ᠱᠠᠩᠨᠠᠯ︵ᠪᠧᠷᠯᠢᠨ︶᠂ 2011 ᠣᠨ ᠳᠤ ᠭᠠᠷᠭᠠᠭᠰᠠᠨ 《ᠰᠢᠷ᠎ᠠ ᠰᠢᠪᠠᠭᠤ》ᠵᠣᠭᠣᠰ《2013 ᠣᠨ ᠤ ᠬᠠᠮᠤᠭ ᠤᠨ ᠠᠯᠳᠠᠷᠲᠠᠢ ᠵᠣᠭᠣᠰ》ᠱᠠᠩᠨᠠᠯ ︵ᠪᠧᠷᠯᠢᠨ︶ ᠢ ᠬᠦᠷᠲᠡᠵᠦ ᠪᠠᠶᠢᠯ᠎ᠠ᠃

ᠰᠡᠳᠬᠢᠭᠳᠡᠯ ᠦᠯᠡᠳᠡᠭᠡᠬᠦ