16 ᠠᠶᠢᠮᠠᠭ ᠤᠨ 79 ᠰᠤᠮᠤᠨ ᠳᠤ ᠱᠦᠯᠬᠦᠭᠡ ᠡᠪᠡᠳᠴᠢᠨ ᠪᠦᠷᠢᠳᠬᠡᠭᠳᠡᠭᠡᠳ ᠪᠠᠶᠢᠨ᠎ᠠ | News.MN

16 ᠠᠶᠢᠮᠠᠭ ᠤᠨ 79 ᠰᠤᠮᠤᠨ ᠳᠤ ᠱᠦᠯᠬᠦᠭᠡ ᠡᠪᠡᠳᠴᠢᠨ ᠪᠦᠷᠢᠳᠬᠡᠭᠳᠡᠭᠡᠳ ᠪᠠᠶᠢᠨ᠎ᠠ

ᠬᠥᠪᠰᠥᠭᠥᠯ᠂ ᠵᠠᠪᠬᠠᠨ᠂ ᠰᠡᠯᠡᠩᠭᠡ ᠵᠡᠷᠭᠡ 16 ᠠᠶᠢᠮᠠᠭ ᠤᠨ 79 ᠰᠤᠮᠤᠨ ᠳᠤ ᠮᠠᠯ ᠤᠨ ᠭᠣᠴᠣ ᠬᠠᠯᠳᠠᠪᠤᠷᠢᠲᠤ ᠱᠦᠯᠬᠦᠭᠡ ᠡᠪᠡᠳᠴᠢᠨ ᠪᠦᠷᠢᠳᠬᠡᠭᠳᠡᠭᠰᠡᠨ ᠢ ᠮᠠᠯ ᠡᠮᠨᠡᠯᠭᠡ ᠶᠢᠨ ᠶᠡᠷᠦᠩᠬᠡᠢ ᠭᠠᠵᠠᠷ ᠠᠴᠠ ᠮᠡᠳᠡᠭᠡᠯᠡᠭᠰᠡᠨ ᠪᠠᠶᠢᠨ᠎ᠠ᠃ ᠡᠪᠡᠳᠴᠢᠯᠡᠯ ᠭᠠᠷᠤᠭᠰᠠᠨ ᠰᠤᠮᠤᠳ ᠲᠤ ᠬᠣᠷᠢᠭ᠎ᠠ ᠴᠡᠭᠡᠷ ᠦᠨ ᠬᠠᠲᠠᠭᠤ ᠳᠢᠭᠯᠢᠮ ᠲᠣᠭᠲᠠᠭᠠᠨ ᠳᠠᠷᠬᠠᠯᠠᠭᠠᠵᠢᠭᠤᠯᠤᠯᠲᠠ ᠶᠢᠨ ᠠᠵᠢᠯ ᠢ ᠢᠳᠡᠪᠬᠢᠵᠢᠭᠦᠯᠵᠡᠢ᠃
ᠠᠷᠤᠬᠠᠩᠭᠠᠢ᠂ ᠲᠥᠪ᠂ ᠳᠠᠷᠬᠠᠨ-ᠠᠭᠤᠯᠠ ᠵᠡᠷᠭᠡ 11 ᠠᠶᠢᠮᠠᠭ ᠤᠨ 57 ᠰᠤᠮᠤᠨ ᠳᠤ ᠳᠠᠷᠬᠠᠯᠠᠭᠠᠵᠢᠭᠤᠯᠤᠯᠲᠠ ᠬᠢᠵᠦ ᠳᠠᠭᠤᠰᠤᠭᠰᠠᠨ ᠲᠤᠯᠠ ᠬᠣᠷᠢᠭ᠎ᠠ ᠴᠡᠭᠡᠷ ᠦᠨ ᠳᠢᠭᠯᠢᠮ ᠢ ᠴᠤᠴᠠᠯᠠᠭᠰᠠᠨ ᠪᠠᠶᠢᠨ᠎ᠠ᠃ ᠳᠠᠷᠬᠠᠯᠠᠭᠠᠵᠢᠭᠤᠯᠤᠯᠲᠠ  ᠶᠢᠨ ᠠᠵᠢᠯ ᠢ ᠢᠳᠡᠪᠬᠢᠵᠢᠭᠦᠯᠬᠦ ᠪᠡᠷ ᠤᠯᠤᠰ ᠤᠨ ᠣᠨᠴᠠᠭᠠᠢ ᠺᠣᠮᠢᠰ ᠤᠨ ᠰᠢᠭᠤᠷᠬᠠᠢ ᠱᠲ᠋ᠠᠪ ᠠᠴᠠ ᠳᠥᠷᠪᠡᠨ ᠠᠵᠢᠯ ᠤᠨ ᠬᠡᠰᠡᠭ ᠲᠣᠮᠢᠯᠠᠨ ᠬᠠᠯᠳᠠᠪᠤᠷᠢ ᠭᠠᠷᠤᠭᠰᠠᠨ ᠰᠤᠮᠤ ᠨᠤᠭᠤᠳ ᠲᠤ ᠠᠵᠢᠯᠯᠠᠵᠤ  ᠪᠠᠢᠨ᠎ᠠ᠃

ᠰᠡᠳᠬᠢᠭᠳᠡᠯ ᠦᠯᠡᠳᠡᠭᠡᠬᠦ