Tamaska ᠺᠣᠮᠫᠠᠨᠢ《ᠲᠡᠯᠮᠡᠨ ᠡᠨᠧᠷᠭᠢ》 ᠶᠢ ᠬᠤᠳᠠᠯᠳᠤᠨ ᠠᠪᠬᠤ ᠪᠠᠷ ᠪᠣᠯᠪᠠ | News.MN

Tamaska ᠺᠣᠮᠫᠠᠨᠢ《ᠲᠡᠯᠮᠡᠨ ᠡᠨᠧᠷᠭᠢ》 ᠶᠢ ᠬᠤᠳᠠᠯᠳᠤᠨ ᠠᠪᠬᠤ ᠪᠠᠷ ᠪᠣᠯᠪᠠ

ᠠᠦᠢᠰᠲᠷᠠᠯᠢᠶ᠎ᠠ ᠶᠢᠨ ᠬᠥᠷᠥᠩᠭᠡ ᠶᠢᠨ ᠪᠢᠷᠵᠢ ᠳᠦ ᠪᠦᠷᠢᠳᠬᠡᠯ ᠲᠡᠢ ᠭᠠᠵᠠᠷ ᠤᠨ ᠲᠣᠰᠣ᠂ ᠪᠠᠢᠭᠠᠯᠢ ᠶᠢᠨ ᠬᠡᠢ ᠣᠯᠪᠤᠷᠢᠯᠠᠭᠴᠢ Tamaska ᠺᠣᠮᠫᠠᠨᠢ《ᠲᠡᠯᠮᠡᠨ  ᠡᠨᠧᠷᠭᠢ》 ᠶᠢ ᠬᠤᠳᠠᠯᠳᠤᠨ ᠠᠪᠬᠤ ᠪᠠᠷ ᠪᠣᠯᠤᠭᠰᠠᠨ ᠢᠶᠠᠨ ᠮᠡᠳᠡᠭᠡᠯᠡᠯ᠎ᠡ᠃《ᠲᠡᠯᠮᠡᠨ  ᠡᠨᠧᠷᠭᠢ》 ᠺᠣᠮᠫᠠᠨᠢ ᠶᠢᠨ ᠥᠬᠢᠨ ᠺᠣᠮᠫᠠᠨᠢ ᠪᠣᠯᠬᠤ 《ᠲᠡᠯᠮᠡᠨ  ᠷᠧᠰᠤᠷᠰ》ᠨᠢ ᠭᠤᠷᠪᠠᠨᠲᠡᠰ ᠰᠤᠮᠤᠨ ᠳᠤ ᠨᠡᠭᠦᠷᠡᠰᠦᠨ ᠦ ᠳᠠᠪᠬᠤᠷᠭ᠎ᠠ ᠶᠢᠨ ᠮᠧᠲ᠋ᠠᠨ ᠬᠡᠢ ᠶᠢᠨ ᠲᠥᠰᠥᠯ ᠬᠡᠷᠡᠭᠵᠢᠭᠦᠯᠳᠡᠭ᠃ ᠲᠡᠳᠡᠥᠩᠭᠡᠷᠡᠭᠰᠡᠨ ᠶᠢᠰᠦᠳᠦᠭᠡᠷ ᠰᠠᠷ᠎ᠠ ᠳᠤ ᠬᠠᠶᠢᠭᠤᠯ ᠬᠢᠬᠦ ᠵᠦᠪᠰᠢᠶᠡᠷᠡᠯ ᠢᠶᠡᠨ ᠠᠪᠤᠭᠰᠠᠨ ᠠᠵᠠᠢ᠃

ᠬᠠᠶᠢᠭᠤᠯ ᠤᠨ ᠠᠵᠢᠯ ᠳᠤ 4.65 ᠰᠠᠶ᠎ᠠ ᠳ᠋ᠣᠯᠯᠠᠷ ᠵᠠᠷᠤᠴᠠᠭᠤᠯᠤᠭᠠᠳ ᠪᠠᠢᠭ᠎ᠠ ᠪᠦᠭᠡᠳ 8400  ᠲᠡᠭᠰᠢ ᠳᠦᠷᠪᠡᠯᠵᠢᠨ ᠺᠢᠯᠤᠮᠸᠲᠷ ᠬᠠᠶᠢᠭᠤᠯ ᠤᠨ ᠲᠠᠯᠠᠪᠠᠢ ᠳᠤ 5.9 ᠶᠡᠬᠡ ᠨᠠᠶᠤᠳ ᠺᠦᠪ ᠹᠦᠲ ᠨᠡᠭᠦᠷᠡᠰᠦᠨ ᠦ ᠬᠡᠢ ᠶᠢᠨ ᠨᠥᠭᠡᠴᠡ ᠲᠡᠢ ᠶᠢ ᠲᠣᠭᠲᠠᠭᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ