《ᠤᠯᠠᠭᠠᠨ ᠱᠤᠭᠤᠮ》ᠪᠠᠷᠢᠮᠲᠠᠲᠤ ᠺᠢᠨᠣ᠋ ᠦᠵᠡᠭᠴᠢᠳ ᠲᠦ ᠬᠦᠷᠦᠨ᠎ᠡ | News.MN

《ᠤᠯᠠᠭᠠᠨ ᠱᠤᠭᠤᠮ》ᠪᠠᠷᠢᠮᠲᠠᠲᠤ ᠺᠢᠨᠣ᠋ ᠦᠵᠡᠭᠴᠢᠳ ᠲᠦ ᠬᠦᠷᠦᠨ᠎ᠡ

ᠮᠣᠩᠭᠣᠯ ᠤᠯᠤᠰ ᠲᠤ ᠺᠤᠸᠢᠳ᠋ ᠤᠨ ᠬᠠᠯᠳᠠᠪᠤᠷᠢ ᠬᠤᠷᠳᠤ ᠲᠠᠢ ᠲᠠᠷᠬᠠᠵᠤ᠂ ᠨᠥᠬᠥᠴᠡᠯ ᠪᠠᠶᠢᠳᠠᠯ ᠬᠦᠨᠳᠦᠷᠡᠭᠰᠡᠨ ᠦᠶ᠎ᠡ ᠪᠤᠶᠤ 2021 ᠣᠨ ᠤ 6 – 9  ᠳᠦᠭᠡᠷ ᠰᠠᠷ᠎ᠠ ᠬᠦᠷᠲᠡᠯᠡᠬᠢ ᠬᠤᠭᠤᠴᠠᠭᠠᠨ ᠤ ᠲᠡᠦᠬᠡ ᠶᠢ ᠥᠭᠦᠯᠡᠬᠦ《ᠤᠯᠠᠭᠠᠨ ᠱᠤᠭᠤᠮ》ᠪᠠᠷᠢᠮᠲᠠᠲᠤ ᠺᠢᠨᠤ᠋ ᠶᠢ ᠨᠡᠭᠡᠭᠡᠯ᠎ᠡ᠃ VAST MONGOLIA ᠫᠣᠰᠲ ᠫᠷᠤᠳᠠᠺᠱᠢᠨ ᠤ ᠪᠦᠲᠦᠭᠡᠭᠰᠡᠨ ᠤᠭ ᠺᠢᠨᠤ᠋ ᠶᠢᠨ ᠭᠣᠣᠯ᠂ ᠲᠤᠰᠠᠯᠠᠬᠤ ᠳᠦᠷᠢ ᠨᠦᠭᠦᠳ ᠪᠣᠯᠬᠤ ᠡᠮᠴᠢ᠂ ᠡᠪᠡᠳᠴᠢᠲᠡᠨ᠂ ᠲᠡᠳᠡᠨ ᠦ ᠠᠷᠤ ᠭᠡᠷ᠂ ᠪᠤᠰᠤᠳ ᠳᠦᠷᠢ ᠨᠦᠭᠦᠳ ᠨᠢ ᠶᠠᠮᠠᠷ ᠴᠤ ᠵᠣᠬᠢᠶᠠᠮᠵᠢ ᠦᠭᠡᠢ ᠪᠣᠳᠠᠲᠤ ᠤᠴᠢᠷ ᠲᠡᠳᠡᠨ ᠦ ᠠᠵᠢᠯ ᠠᠮᠢᠳᠤᠷᠠᠯ ᠤᠨ ᠪᠣᠳᠠᠲᠤ ᠲᠡᠦᠬᠡ ᠳᠡᠭᠡᠷ᠎ᠡ ᠲᠤᠯᠭᠠᠭᠤᠷᠢᠯᠠᠨ ᠺᠢᠨᠣ᠋ ᠵᠣᠬᠢᠶᠠᠯ ᠢ ᠭᠠᠷᠭᠠᠵᠠᠢ᠃
ᠵᠢᠷᠤᠭ ᠠᠪᠤᠯᠲᠠ ᠶᠢ ᠬᠠᠯᠳᠠᠪᠤᠷᠢᠲᠤ ᠡᠪᠡᠳᠴᠢᠨ ᠰᠤᠳᠤᠯᠤᠯ ᠤᠨ ᠦᠨᠳᠦᠰᠦᠨ ᠦ ᠲᠥᠪ᠂ ᠴᠡᠷᠢᠭ ᠦᠨ ᠲᠥᠪ ᠡᠮᠨᠡᠯᠭᠡ ᠵᠡᠷᠭᠡ ᠪᠠᠶᠢᠭᠤᠯᠤᠯᠭ᠎ᠠ ᠳᠡᠭᠡᠷ᠎ᠡ ᠬᠢᠵᠦ ᠭᠦᠢᠴᠡᠳᠭᠡᠭᠰᠡᠨ ᠪᠠᠶᠢᠨ᠎ᠠ᠃《ᠭᠠᠯ ᠤᠨ ᠱᠤᠭᠤᠮ》ᠪᠠᠷᠢᠮᠲᠠᠲᠤ ᠺᠢᠨᠣ᠋ ᠡᠨᠡ ᠰᠠᠷ᠎ᠠ ᠶᠢᠨ 18  ᠤ ᠡᠳᠦᠷ ᠦᠨᠳᠦᠰᠦᠨ ᠦ ᠣᠯᠠᠨ ᠨᠡᠶᠢᠲᠡ ᠶᠢᠨ ᠲᠸᠯᠸᠢᠰ ᠢᠶᠡᠷ ᠭᠠᠷᠤᠨ᠎ᠠ᠃

ᠰᠡᠳᠬᠢᠭᠳᠡᠯ ᠦᠯᠡᠳᠡᠭᠡᠬᠦ