ᠪᠢᠴᠢᠭ ᠪᠠᠷᠢᠮᠲᠠ ᠦᠭᠡᠢ ᠢᠷᠭᠡᠳ ᠦᠨ ᠠᠰᠠᠭᠤᠳᠠᠯ ᠢᠶᠠᠷ ᠬᠠᠮᠲᠤᠷᠠᠨ ᠠᠵᠢᠯᠯᠠᠨ᠎ᠠ | News.MN

ᠪᠢᠴᠢᠭ ᠪᠠᠷᠢᠮᠲᠠ ᠦᠭᠡᠢ ᠢᠷᠭᠡᠳ ᠦᠨ ᠠᠰᠠᠭᠤᠳᠠᠯ ᠢᠶᠠᠷ ᠬᠠᠮᠲᠤᠷᠠᠨ ᠠᠵᠢᠯᠯᠠᠨ᠎ᠠ

ᠭᠠᠳᠠᠭᠠᠳᠤ ᠶᠢᠨ ᠢᠷᠭᠡᠨ᠂ ᠬᠠᠷᠢᠶᠠᠲᠤ ᠶᠢᠨ ᠭᠠᠵᠠᠷ ᠤᠨ ᠳᠠᠷᠤᠭ᠎ᠠ ᠨ∙ᠤᠤᠭᠠᠨᠪᠠᠶᠠᠷ ᠥᠨᠥᠳᠥᠷ ᠪᠦᠭᠦᠳᠡ ᠨᠠᠶᠢᠷᠠᠮᠳᠠᠬᠤ ᠬᠠᠰᠠᠭᠰᠲ᠋ᠠᠨ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠣᠨᠴᠠ ᠪᠥᠭᠡᠳ ᠪᠥᠷᠢᠨ ᠡᠷᠬᠡᠲᠦ ᠡᠯᠴᠢᠨ ᠰᠠᠶᠢᠳ ᠵᠠᠯᠭᠠᠰ ᠵᠤᠮᠠᠶ᠋ᠸᠸᠢᠴ ᠠᠳᠢᠯᠪᠠᠶ᠋ᠸ ᠢ ᠬᠦᠯᠢᠶᠡᠨ ᠠᠪᠴᠤ ᠠᠭᠤᠯᠵᠠᠯ᠎ᠠ᠃
ᠡᠯᠴᠢᠨ ᠰᠠᠶᠢᠳ ᠵᠠᠯᠭᠠᠰ ᠵᠤᠮᠠᠶ᠋ᠸᠸᠢᠴ ᠠᠳᠢᠯᠪᠠᠶ᠋ᠸ ᠬᠣᠶᠠᠷ ᠤᠯᠤᠰ ᠤᠨ ᠴᠠᠭᠠᠴᠢᠯᠠᠯ ᠤᠨ ᠪᠠᠶᠢᠭᠤᠯᠤᠯᠭ᠎ᠠ ᠨᠤᠭᠤᠳ ᠱᠠᠭᠠᠷᠳᠠᠯᠭ᠎ᠠ ᠲᠠᠢ ᠮᠡᠳᠡᠭᠡᠯᠡᠯ ᠢ ᠰᠣᠯᠢᠯᠴᠠᠵᠤ᠂ ᠬᠠᠮᠲᠤ ᠶᠢᠨ ᠠᠵᠢᠯᠯᠠᠭ᠎ᠠ ᠶᠢ ᠰᠠᠶᠢᠵᠢᠷᠠᠭᠤᠯᠬᠤ ᠶᠣᠰᠣᠲᠠᠢ ᠭᠡᠯ᠎ᠡ᠃ ᠲᠡᠭᠦᠨᠴᠢᠯᠡᠨ ᠪᠢᠴᠢᠭ ᠪᠠᠷᠢᠮᠲᠠ ᠦᠭᠡᠢ᠂ ᠬᠣᠶᠠᠷᠳᠠᠮᠠᠯ ᠬᠠᠷᠢᠶᠠᠯᠠᠯ ᠡᠭᠦᠰᠬᠡᠨ ᠬᠠᠤᠯᠢ ᠵᠥᠷᠢᠴᠡᠵᠦ ᠪᠤᠢ ᠢᠷᠭᠡᠳ ᠦᠨ ᠲᠠᠯ᠎ᠠ ᠪᠠᠷ ᠳᠤᠷᠠᠳᠤᠭᠠᠳ ᠨᠢᠭᠲᠠ ᠬᠠᠮᠲᠤᠷᠠᠨ ᠠᠵᠢᠯᠯᠠᠬᠤ ᠱᠠᠭᠠᠷᠳᠠᠯᠭ᠎ᠠ ᠲᠠᠢ ᠪᠠᠶᠢᠭ᠎ᠠ ᠶᠢ ᠣᠨᠴᠠᠯᠠᠯ᠎ᠠ᠃
ᠨ∙ᠤᠤᠭᠠᠨᠪᠠᠶᠠᠷ ᠡᠯᠴᠢᠨ ᠰᠠᠶᠢᠳ ᠵᠠᠯᠭᠠᠰ ᠵᠤᠮᠠᠶ᠋ᠸᠸᠢᠴ ᠠᠳᠢᠯᠪᠠᠶ᠋ᠸ ᠤᠨ ᠰᠠᠨᠠᠯ ᠢ ᠪᠦᠷᠢᠨ ᠳᠡᠮᠵᠢᠵᠦ ᠠᠵᠢᠯᠯᠠᠬᠤ ᠪᠠᠨ ᠢᠯᠡᠷᠬᠡᠶᠢᠯᠡᠭᠡᠳ᠂ ᠱᠠᠭᠠᠷᠳᠠᠯᠭ᠎ᠠ ᠲᠠᠢ ᠪᠦᠬᠦᠢ ᠯᠠ ᠮᠡᠳᠡᠭᠡᠯᠡᠯ ᠢ ᠰᠤᠯᠢᠯᠴᠠᠬᠤ ᠪᠦᠷᠢᠨ ᠪᠣᠯᠤᠮᠵᠢ ᠲᠠᠢ ᠭᠡᠯ᠎ᠡ᠃ ᠴᠢᠨᠠᠭᠰᠢᠳᠠ ᠬᠣᠶᠠᠷ ᠤᠯᠤᠰ ᠤᠨ ᠢᠷᠭᠡᠳ ᠲᠦ ᠲᠤᠯᠭᠠᠮᠳᠠᠵᠤ ᠪᠤᠢ ᠠᠰᠠᠭᠤᠳᠠᠯ ᠢ ᠰᠢᠢᠳᠪᠦᠷᠢᠯᠡᠬᠦ ᠴᠢᠭᠯᠡᠯ ᠢᠶᠡᠷ ᠵᠦᠪᠯᠡᠯᠳᠦᠬᠦ ᠠᠭᠤᠯᠵᠠᠯᠲᠠ ᠶᠢ ᠣᠶᠢᠷ᠎ᠠ ᠶᠢᠨ ᠬᠤᠭᠤᠴᠠᠭᠠᠨ ᠳᠤ ᠵᠣᠬᠢᠶᠠᠨ ᠪᠠᠶᠢᠭᠤᠯᠬᠤ ᠪᠠᠷ ᠪᠣᠯᠤᠯ᠎ᠠ᠃

ᠰᠡᠳᠬᠢᠭᠳᠡᠯ ᠦᠯᠡᠳᠡᠭᠡᠬᠦ