ᠥ᠊∙ᠪᠠᠲᠤᠪᠠᠶᠠᠷ ᠠᠮᠧᠷᠢᠺᠠ᠂ ᠮᠣᠩᠭᠣᠯ ᠤᠨ ᠪᠦᠯᠦᠭ ᠢ ᠳᠠᠷᠤᠭᠠᠯᠠᠭᠴᠢ ᠲᠠᠢ ᠠᠭᠤᠯᠵᠠᠵᠠᠢ | News.MN

ᠥ᠊∙ᠪᠠᠲᠤᠪᠠᠶᠠᠷ ᠠᠮᠧᠷᠢᠺᠠ᠂ ᠮᠣᠩᠭᠣᠯ ᠤᠨ ᠪᠦᠯᠦᠭ ᠢ ᠳᠠᠷᠤᠭᠠᠯᠠᠭᠴᠢ ᠲᠠᠢ ᠠᠭᠤᠯᠵᠠᠵᠠᠢ

ᠮᠣᠩᠭᠣᠯ ᠤᠯᠤᠰ ᠠᠴᠠ ᠠᠮᠧᠷᠢᠺᠠ ᠳᠦ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠥ᠊∙ᠪᠠᠲᠤᠪᠠᠶᠠᠷ ᠠᠮᠧᠷᠢᠺᠠ ᠶᠢᠨ ᠺᠣᠩᠷᠧᠰ ᠦᠨ ᠭᠡᠰᠢᠭᠦᠨ᠂ ᠠᠮᠧᠷᠢᠺᠠ᠂ ᠮᠣᠩᠭᠣᠯ ᠤᠨ ᠫᠠᠷᠯᠠᠮᠧᠨᠲ ᠤᠨ ᠪᠦᠯᠦᠭ ᠦᠨ ᠬᠠᠮᠲᠤᠷᠠᠨ ᠳᠠᠷᠤᠭᠠᠯᠠᠭᠴᠢ ᠳ᠋ᠤᠩ ᠶᠠᠩ  ᠲᠠᠢ ᠠᠭᠤᠯᠵᠠᠵᠠᠢ᠃ ᠲᠤᠰ ᠪᠦᠯᠦᠭ ᠢ ᠪᠦᠭᠦᠳᠡ ᠨᠠᠶᠢᠷᠠᠮᠳᠠᠬᠤ ᠪᠣᠯᠤᠨ ᠠᠷᠠᠳᠴᠢᠯᠠᠭᠰᠠᠨ ᠨᠠᠮ ᠤᠨ ᠲᠥᠯᠥᠭᠡᠯᠡᠯ ᠡᠴᠡ ᠰᠣᠩᠭᠣᠳᠠᠭ ᠪᠥᠭᠡᠳ ᠳ᠋ᠤᠩ ᠶᠠᠩ ᠪᠦᠭᠦᠳᠡ ᠨᠠᠶᠢᠷᠠᠮᠳᠠᠬᠤ ᠨᠠᠮ ᠤᠨ ᠲᠥᠯᠥᠭᠡᠯᠡᠯ ᠶᠤᠮ᠃

《ᠺᠣᠩᠷᠧᠰ ᠦᠨ ᠭᠡᠰᠢᠭᠦᠨ ᠳ᠋ᠤᠩ ᠶᠠᠩ  ᠠᠯᠪᠠᠨ ᠲᠠᠰᠤᠯᠭ᠎ᠠ᠂ ᠠᠭᠤᠯᠵᠠᠯᠲᠠ ᠶᠢᠨ ᠥᠷᠥᠭᠡ ᠪᠡᠨ ᠬᠦᠷᠲᠡᠯ᠎ᠡ ᠠᠩᠨᠠᠭᠰᠠᠨ ᠠᠮᠢᠲᠠᠳ ᠤᠨ ᠢᠶᠠᠨ ᠴᠢᠬᠢᠮᠡᠯ ᠢᠶᠡᠷ ᠲᠣᠬᠢᠵᠢᠭᠤᠯᠤᠭᠰᠠᠨ ᠨᠢ ᠮᠦᠽᠧᠢ ᠳᠦ ᠪᠠᠶᠢᠭ᠎ᠠ ᠮᠡᠲᠦ ᠰᠡᠳᠬᠢᠭᠳᠡᠯ ᠲᠥᠷᠦᠭᠦᠯᠦᠨ᠎ᠡ᠃ ᠲᠣᠪᠴᠢᠬᠠᠨ ᠳᠤ ᠪᠠᠨ ᠬᠡᠯᠪᠡᠷᠢ ᠡᠴᠡ ᠢᠯᠡᠭᠦᠦ ᠠᠭᠤᠯᠭ᠎ᠠ ᠨᠢ ᠴᠢᠬᠤᠯᠠ ᠠᠷᠠᠳ ᠲᠦᠮᠡᠨ ᠶᠤᠮ ᠳ᠋ᠠ᠃
ᠮᠣᠩᠭᠣᠯ ᠳᠤ ᠡᠯᠢᠭᠡ ᠲᠡᠢ᠂ ᠮᠠᠨ ᠤ ᠤᠯᠤᠰ ᠤᠨ ᠣᠯᠠᠨ ᠠᠰᠠᠭᠤᠳᠠᠯ  ᠳᠦ ᠳᠡᠮᠵᠢᠵᠦ ᠲᠤᠰᠠᠯᠠᠵᠤ ᠢᠷᠡᠭᠰᠡᠨ ᠡᠨᠡ ᠡᠷᠬᠢᠮ ᠲᠡᠢ ᠬᠠᠮᠲᠤᠷᠠᠨ ᠠᠵᠢᠯᠯᠠᠬᠤ ᠣᠯᠠᠨ ᠵᠦᠢᠯ ᠢ ᠶᠠᠷᠢᠯᠴᠠᠵᠤ᠂ ᠡᠬᠢᠨ ᠡᠴᠡ ᠨᠢ ᠠᠵᠢᠯ ᠬᠡᠷᠡᠭ ᠪᠣᠯᠭᠠᠬᠤ ᠪᠠᠷ ᠲᠣᠬᠢᠷᠠᠯ᠎ᠠ ᠬᠡᠮᠡᠨ ᠥ᠊∙ᠪᠠᠲᠤᠪᠠᠶᠠᠷ ᠴᠠᠬᠢᠮ  ᠬᠠᠭᠤᠳᠠᠰᠤᠨ᠎ᠠ ᠰᠡᠳᠬᠢᠭᠳᠡᠯ ᠢᠶᠡᠨ ᠦᠯᠡᠳᠡᠭᠡᠵᠡᠢ᠃

ᠰᠡᠳᠬᠢᠭᠳᠡᠯ ᠦᠯᠡᠳᠡᠭᠡᠬᠦ