ᠪᠦᠭᠦᠳᠡ ᠨᠠᠢᠷᠠᠮᠳᠠᠬᠤ ᠰᠤᠯᠤᠩᠭᠤᠰ ᠤᠯᠤᠰ ᠳᠠᠬᠢ ᠡᠯᠴᠢᠨ ᠰᠠᠶᠢᠳ᠂ ᠺᠤᠨᠰᠦ᠋ᠯ ᠢ ᠡᠭᠡᠭᠦᠯᠦᠨ ᠲᠠᠲᠠᠬᠤ ᠰᠠᠨᠠᠯ ᠢ ᠬᠦᠷᠭᠡᠭᠦᠯᠵᠡᠢ | News.MN

ᠪᠦᠭᠦᠳᠡ ᠨᠠᠢᠷᠠᠮᠳᠠᠬᠤ ᠰᠤᠯᠤᠩᠭᠤᠰ ᠤᠯᠤᠰ ᠳᠠᠬᠢ ᠡᠯᠴᠢᠨ ᠰᠠᠶᠢᠳ᠂ ᠺᠤᠨᠰᠦ᠋ᠯ ᠢ ᠡᠭᠡᠭᠦᠯᠦᠨ ᠲᠠᠲᠠᠬᠤ ᠰᠠᠨᠠᠯ ᠢ ᠬᠦᠷᠭᠡᠭᠦᠯᠵᠡᠢ

ᠮᠣᠩᠭᠣᠯ ᠤᠯᠤᠰ ᠠᠴᠠ ᠪᠦᠭᠦᠳᠡ ᠨᠠᠢᠷᠠᠮᠳᠠᠬᠤ ᠰᠤᠯᠤᠩᠭᠤᠰ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠼ ∙ ᠡᠷᠳᠡᠨᠢᠲᠤᠶᠠᠭ᠎ᠠ᠂ ᠫᠤᠰᠠᠨ ᠬᠤᠲᠠ ᠳᠤ ᠰᠠᠭᠤᠭ᠎ᠠ ᠺᠤᠨᠰᠦ᠋ᠯ ᠼ∙ᠦᠨᠢᠷᠵᠠᠶᠠᠭ᠎ᠠ ᠨᠠᠷ ᠢ ᠡᠭᠡᠭᠦᠯᠦᠨ ᠲᠠᠲᠠᠬᠤ ᠰᠠᠨᠠᠯ ᠢ ᠭᠠᠳᠠᠭᠠᠳᠤ ᠬᠠᠷᠢᠯᠴᠠᠭᠠᠨ ᠤ ᠰᠠᠶᠢᠳ ᠪ ∙ ᠪᠠᠲᠤᠴᠡᠴᠡᠭ ᠥᠩᠭᠡᠷᠡᠭᠴᠢ ᠪᠠᠰᠠᠩ ᠭᠠᠷᠠᠭ ᠲᠤ ᠶᠡᠷᠦᠩᠬᠡᠶᠢᠯᠡᠭᠴᠢ ᠳᠦ ᠬᠦᠷᠭᠡᠭᠦᠯᠵᠡᠢ᠃
ᠡᠮᠦᠨᠡᠲᠦ ᠰᠣᠯᠣᠩᠭᠣᠰ ᠲᠤ ᠠᠮᠢᠳᠤᠷᠠᠵᠤ ᠪᠤᠢ 13 ᠨᠠᠰᠤᠲᠠᠢ ᠮᠣᠩᠭᠣᠯ ᠥᠬᠢᠨ ᠰᠤᠷᠭᠠᠭᠤᠯᠢ ᠶᠢᠨ ᠢᠶᠠᠨ ᠳᠡᠭᠡᠳᠦ ᠠᠩᠬᠢ ᠶᠢᠨ ᠰᠤᠷᠤᠭᠴᠢᠳ ᠲᠤ ᠵᠢᠷᠭᠤᠭᠠᠨ ᠴᠠᠭ ᠤᠨ ᠲᠤᠷᠰᠢ ᠵᠣᠳᠣᠭᠤᠯᠤᠭᠰᠠᠨ ᠬᠡᠷᠡᠭ ᠲᠡᠢ ᠬᠣᠯᠪᠣᠭᠳᠠᠭᠤᠯᠤᠨ ᠢᠷᠭᠡᠳ ᠡᠯᠴᠢᠨ ᠰᠠᠶᠢᠳ ᠤᠨ ᠶᠠᠮᠤᠨ᠂ ᠺᠤᠨᠰᠦ᠋ᠯ  ᠤᠨ ᠠᠯᠪᠠ ᠬᠠᠩᠭᠠᠯᠲᠠᠲᠠᠢ ᠠᠵᠢᠯ ᠢᠶᠠᠨ ᠬᠢᠵᠦ ᠴᠢᠳᠠᠬᠤ ᠦᠭᠡᠢ ᠪᠠᠶᠢᠨ᠎ᠠ ᠭᠡᠰᠡᠨ ᠭᠣᠮᠣᠳᠠᠯ ᠮᠠᠰᠢ ᠶᠡᠬᠡ ᠪᠡᠷ ᠢᠷᠡᠵᠡᠢ᠃ ᠡᠭᠦᠨ ᠲᠡᠢ ᠬᠣᠯᠪᠣᠭᠳᠠᠭᠤᠯᠤᠨ ᠳᠡᠭᠡᠷᠡᠬᠢ ᠬᠦᠮᠦᠰ ᠲᠦ ᠬᠠᠷᠢᠭᠤᠴᠠᠯᠭ᠎ᠠ ᠲᠣᠭᠠᠴᠠᠭᠤᠯᠬᠤ ᠪᠠᠷ ᠰᠠᠨᠠᠯ  ᠬᠦᠷᠭᠡᠭᠦᠯᠦᠭᠰᠡᠨ ᠨᠢ ᠡᠨᠡ ᠶᠤᠮ᠃
ᠬᠠᠮᠤᠭ ᠤᠨ ᠰᠡᠭᠦᠯ ᠳᠦ ᠭᠠᠷᠭᠠᠭᠰᠠᠨ ᠰᠤᠳᠤᠯᠭ᠎ᠠ ᠪᠠᠷ ᠳᠡᠯᠡᠬᠡᠢ ᠶᠢᠨ 87 ᠤᠯᠤᠰ ᠲᠤ 171-172 ᠮᠢᠩᠭᠠᠨ ᠮᠣᠩᠭᠣᠯ ᠢᠷᠭᠡᠨ ᠪᠤᠢ᠃ ᠡᠭᠦᠨ ᠦ 42 ᠮᠢᠩᠭ᠎ᠠ ᠨᠢ ᠡᠮᠦᠨᠡᠲᠦ ᠰᠣᠯᠣᠩᠭᠣᠰ ᠲᠤ ᠠᠮᠢᠳᠤᠷᠠᠳᠠᠭ ᠪᠠᠶᠢᠨ᠎ᠠ᠃

ᠰᠡᠳᠬᠢᠭᠳᠡᠯ ᠦᠯᠡᠳᠡᠭᠡᠬᠦ