ᠰᠤᠷᠤᠭᠴᠢᠳ 1-100 ᠲᠦᠭᠦᠷᠢᠭ ᠦᠨ 3360 ᠰᠢᠷᠬᠡᠭ ᠮᠥᠩᠭᠥᠨ ᠳᠡᠪᠢᠰᠬᠡᠷᠲᠦ ᠬᠤᠷᠠᠮᠲᠤᠭᠤᠯᠵᠠᠢ | News.MN

ᠰᠤᠷᠤᠭᠴᠢᠳ 1-100 ᠲᠦᠭᠦᠷᠢᠭ ᠦᠨ 3360 ᠰᠢᠷᠬᠡᠭ ᠮᠥᠩᠭᠥᠨ ᠳᠡᠪᠢᠰᠬᠡᠷᠲᠦ ᠬᠤᠷᠠᠮᠲᠤᠭᠤᠯᠵᠠᠢ

《ᠳᠡᠯᠡᠬᠡᠢ ᠶᠢᠨ ᠬᠤᠷᠠᠮᠳᠤᠯᠠᠯ ᠤᠨ ᠡᠳᠦᠷ 2021》 ᠠᠶᠠᠨ ᠤ ᠬᠦᠷᠢᠶᠡᠨ ᠳᠦ ᠭᠣᠪᠢ-ᠠᠯᠲᠠᠢ ᠠᠶᠢᠮᠠᠭ ᠤᠨ 18 ᠰᠤᠮᠤ᠂ 2 ᠲᠣᠰᠬᠣᠨ ᠤ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ  ᠶᠢᠨ ᠰᠤᠷᠤᠭᠴᠢᠳ ᠤᠨ ᠳᠤᠮᠳᠠ 《ᠪᠠᠭ᠎ᠠ ᠨᠠᠰᠤᠨ ᠠᠴᠠ ᠪᠠᠭ᠎ᠠ ᠪᠠᠭ᠎ᠠ ᠪᠠᠷ ᠬᠤᠷᠠᠮᠳᠤᠭᠤᠯᠤᠶ᠎ᠠ》 ᠵᠢᠵᠢᠭ ᠮᠥᠩᠭᠥᠨ ᠳᠡᠪᠢᠰᠬᠡᠷᠲᠦ ᠪᠡᠷ ᠠᠩᠬᠢ ᠶᠢᠨ ᠬᠤᠷᠠᠮᠳᠤᠯᠠᠯ ᠡᠭᠦᠰᠭᠡᠬᠦ ᠤᠷᠤᠯᠳᠤᠭᠠᠨ ᠵᠠᠷᠯᠠᠨ ᠳ᠋ᠦᠩ ᠢᠶᠡᠨ ᠭᠠᠷᠭᠠᠵᠠᠢ᠃
ᠭᠣᠪᠢ-ᠠᠯᠲᠠᠢ ᠠᠶᠢᠮᠠᠭ ᠳᠠᠬᠢ ᠮᠣᠩᠭᠣᠯ  ᠪᠠᠩᠭᠢ 18 ᠰᠤᠮᠤ ᠶᠢᠨ ᠬᠠᠭᠠᠨ ᠪᠠᠩᠬᠢ᠂ ᠲᠥᠷᠥ ᠶᠢᠨ ᠪᠠᠩᠬᠢᠨ ᠤ ᠠᠵᠢᠯᠲᠠᠳ ᠲᠠᠢ ᠪᠠᠨ ᠬᠠᠮᠲᠤᠷᠠᠨ ᠰᠤᠮᠤᠳ ᠤᠨ ᠰᠤᠷᠭᠠᠭᠤᠯᠢ ᠶᠢᠨ ᠪᠠᠭᠰᠢ᠂ ᠰᠤᠷᠤᠭᠴᠢᠳ ᠲᠡᠳᠡᠨ ᠦ ᠡᠴᠢᠭᠡ ᠡᠬᠡᠴᠦᠳ ᠲᠦ ᠮᠡᠳᠡᠭᠡᠯᠡᠯ᠂ ᠲᠠᠨᠢᠯᠴᠠᠭᠤᠯᠭ᠎ᠠ ᠶᠢ ᠰᠠᠶᠢᠨ ᠬᠢᠵᠦ᠂ ᠬᠡᠤᠬᠡᠳ ᠲᠤ 《ᠬᠤᠷᠠᠮᠳᠤᠯᠠᠯ ᠢ ᠵᠠᠪᠠᠯ ᠶᠡᠬᠡ ᠮᠥᠩᠭᠥ ᠪᠡᠷ ᠡᠬᠢᠯᠡᠬᠦ ᠠᠯᠪᠠ ᠦᠭᠡᠢ᠂ ᠪᠠᠭ᠎ᠠ ᠪᠠᠭ᠎ᠠ ᠪᠠᠷ᠂ ᠲᠠᠰᠤᠷᠠᠯᠲᠠ ᠦᠭᠡᠢ᠂ ᠵᠣᠷᠢᠯᠭ᠎ᠠ ᠲᠠᠢ ᠬᠤᠷᠠᠮᠳᠤᠭᠤᠯᠬᠤ ᠨᠢ ᠴᠢᠬᠤᠯᠠ》 ᠶᠢ ᠣᠶᠢᠯᠠᠭᠠᠭᠤᠯᠬᠤ ᠶᠢ ᠵᠣᠷᠢᠭᠰᠠᠨ᠃
ᠤᠷᠤᠯᠳᠤᠭᠠᠨ ᠳᠤ ᠬᠠᠮᠤᠭ ᠤᠨ ᠢᠳᠡᠪᠬᠢᠲᠡᠢ᠂ ᠣᠯᠠᠨ ᠠᠩᠭᠢ᠂ ᠰᠤᠷᠤᠭᠴᠢᠳ ᠢ ᠬᠠᠮᠤᠷᠤᠭᠤᠯᠤᠭᠰᠠᠨ ᠪᠤᠭᠤᠲᠤ ᠰᠤᠮᠤ ᠳ᠋ᠡᠬᠢ ᠪᠠᠩᠬᠢᠨ ᠤ ᠨᠢᠭᠡᠴᠡ ᠶᠢᠨ ᠬᠠᠮᠲᠤ ᠣᠯᠠᠨ ᠰᠤᠮᠤ ᠶᠢᠨ ᠢᠶᠠᠨ ᠳᠤᠮᠳᠠᠳᠤ ᠰᠤᠷᠭᠠᠭᠤᠯᠢ ᠶᠢᠨ 1-9  ᠳ᠋ᠤᠭᠡᠷ ᠠᠩᠬᠢ ᠶᠢᠨ 14 ᠪᠦᠯᠦᠭ ᠦᠨ 280 ᠭᠠᠷᠤᠢ ᠰᠤᠷᠤᠭᠴᠢ ᠶᠢ ᠬᠠᠮᠤᠷᠤᠭᠤᠯᠤᠭᠰᠠᠨ ᠪᠠᠶᠢᠨ᠎ᠠ᠃ ᠡᠳᠡᠭᠡᠷ ᠰᠤᠷᠤᠭᠴᠢᠳ 1-100  ᠲᠦᠭᠦᠷᠢᠭ ᠤᠨ ᠮᠥᠩᠭᠥᠨ ᠳᠡᠪᠢᠰᠬᠡᠷᠲᠦ ᠶᠢᠨ ᠨᠡᠶᠢᠲᠡ 3360 ᠰᠢᠷᠬᠡᠭ᠂ 142031 ᠲᠥᠭᠥᠷᠢᠭ ᠦᠨ ᠰᠠᠶᠢᠨ ᠪᠣᠯᠤᠨ ᠮᠠᠭᠤ ᠲᠡᠮᠳᠡᠭᠲᠦ ᠶᠢ ᠴᠤᠭᠯᠠᠭᠤᠯᠵᠤ ᠬᠠᠷᠠᠭᠠᠯᠵᠠᠬᠤ ᠰᠠᠶᠢᠨ ᠲᠡᠮᠳᠡᠭᠲᠦ ᠪᠡᠷ ᠰᠣᠯᠢᠭᠤᠯᠤᠨ ᠠᠩᠬᠢ ᠶᠢᠨ ᠬᠤᠷᠠᠮᠳᠤᠯᠠᠯ ᠢᠶᠠᠨ ᠡᠭᠦᠰᠬᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ