ᠮᠣᠩᠭᠣᠯ᠂ ᠶᠠᠫᠣᠨ ᠤ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠶᠢᠨ ᠲᠡᠮᠳᠡᠭ ᠪᠡᠯᠡᠨ ᠪᠣᠯᠪᠠ | News.MN

ᠮᠣᠩᠭᠣᠯ᠂ ᠶᠠᠫᠣᠨ ᠤ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠶᠢᠨ ᠲᠡᠮᠳᠡᠭ ᠪᠡᠯᠡᠨ ᠪᠣᠯᠪᠠ

ᠮᠣᠩᠭᠣᠯ ᠤᠯᠤᠰ᠂ ᠶᠠᠫᠣᠨ ᠤᠯᠤᠰ ᠤᠨ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠶᠢᠨ ᠯᠤᠭᠤ᠋ ᠲᠡᠮᠳᠡᠭ ᠢ ᠰᠢᠯᠭᠠᠷᠠᠭᠤᠯᠬᠤ ᠤᠷᠤᠯᠳᠤᠭᠠᠨ ᠳᠤ ᠨᠡᠶᠢᠲᠡ 143 ᠢᠷᠭᠡᠨ ᠪᠦᠲᠦᠭᠡᠯ ᠢᠷᠡᠭᠦᠯᠦᠭᠰᠡᠨ ᠡᠴᠡ ᠮᠤᠩᠭᠤᠯ ᠤᠯᠤᠰ ᠤᠨ ᠢᠷᠭᠡᠨ ᠪ ∙ᠪᠠᠯᠳᠣᠷᠵᠢ ᠶᠢᠨ ᠵᠣᠬᠢᠶᠠᠭᠰᠠᠨ ᠵᠠᠭᠪᠤᠷ ᠯᠤᠭᠤ᠋ ᠰᠣᠩᠭᠣᠨ ᠰᠢᠯᠭᠠᠷᠠᠭᠤᠯᠬᠤ ᠬᠣᠶᠠᠷ ᠲᠠᠯ᠎ᠠ ᠶᠢᠨ ᠬᠣᠷᠢᠶᠠᠨ ᠤ ᠭᠡᠰᠢᠭᠦᠳ ᠦᠨ ᠰᠠᠨᠠᠯ ᠢᠶᠠᠷ ᠲᠡᠷᠢᠭᠦᠨ ᠪᠠᠶᠢᠷᠢ ᠡᠵᠡᠯᠡᠪᠡ᠃ ᠵᠣᠬᠢᠶᠠᠭᠴᠢ ᠴᠠᠭᠠᠨ ᠳᠡᠪᠢᠰᠬᠡᠷ ᠳᠡᠭᠡᠷ᠎ᠡ ᠴᠡᠩᠬᠡᠷ ᠥᠩᠭᠡ ᠪᠡᠷ ᠲᠣᠳᠣᠳᠬᠠᠨ ᠪᠢᠴᠢᠭᠰᠡᠨ 《50》 ᠶᠢᠨ ᠲᠣᠭᠠᠨ ᠤ ᠳᠤᠮᠳᠠ ᠬᠣᠶᠠᠷ ᠣᠷᠣᠨ ᠤ ᠲᠥᠷᠥ ᠶᠢᠨ ᠳᠠᠯᠪᠠᠭ᠎ᠠ ᠶᠢ《ᠬᠢᠵᠠᠭᠠᠷ ᠦᠭᠡᠢ》ᠳᠦᠷᠰᠦ ᠪᠡᠷ ᠢᠯᠡᠷᠬᠡᠶᠢᠯᠡᠭᠰᠡᠨ ᠨᠢ ᠬᠣᠶᠠᠷ ᠤᠯᠤᠰ ᠤᠨ ᠥᠩᠭᠡᠷᠡᠭᠰᠡᠨ᠂ ᠣᠳᠣ᠂ ᠢᠷᠡᠭᠡᠳᠦᠢ ᠳᠦ ᠦᠯᠦ ᠲᠠᠰᠤᠷᠠᠨ ᠦᠷᠭᠦᠯᠵᠢᠯᠡᠬᠦ ᠨᠠᠶᠢᠷᠠᠮᠳᠠᠯᠲᠤ ᠬᠠᠷᠢᠯᠴᠠᠭ᠎ᠠ ᠶᠢ ᠪᠡᠯᠭᠡᠳᠡᠬᠦ ᠶᠢᠨ ᠰᠠᠴᠠᠭᠤ ᠢᠷᠡᠬᠦ 50 ᠵᠢᠯ ᠡᠨᠡᠬᠦ ᠬᠠᠷᠢᠯᠴᠠᠭ᠎ᠠ ᠮᠥᠩᠬᠡ ᠬᠥᠬᠡ ᠲᠩᠷᠢ ᠮᠡᠲᠦ ᠥᠷᠭᠡᠵᠢᠨ ᠬᠥᠭᠵᠢᠬᠦ ᠬᠦᠰᠡᠯ ᠢ ᠰᠢᠩᠭᠡᠭᠡᠵᠡᠢ᠃
ᠤᠷᠤᠯᠳᠤᠭᠠᠨ ᠤ ᠳᠡᠳ᠋ ᠪᠠᠶᠢᠷᠢ ᠳᠤ ᠶᠠᠫᠣᠨ ᠤᠯᠤᠰ ᠤᠨ ᠺᠠᠨᠠᠭᠠᠪᠠ ᠮᠤᠵᠢ ᠶᠢᠨ ᠢᠷᠭᠡᠨ ᠲᠠᠰᠢᠷᠤ᠋ ᠠᠶᠠᠨᠧ ᠤᠨ ᠪᠦᠲᠦᠭᠡᠯ ᠲᠤᠰ ᠰᠢᠯᠭᠠᠷᠠᠪᠠ᠃

ᠰᠡᠳᠬᠢᠭᠳᠡᠯ ᠦᠯᠡᠳᠡᠭᠡᠬᠦ