ᠰᠡᠭᠦᠯ ᠦᠨ ᠦᠶ᠎ᠡ ᠳᠦ ᠢᠷᠭᠡᠳ ᠦᠨ ᠠᠩᠬᠠᠷᠤᠯ ᠢ ᠶᠡᠬᠡ ᠪᠡᠷ ᠲᠠᠲᠠᠵᠤ᠂ ᠠᠰᠢᠭ ᠣᠯᠵᠤ ᠪᠣᠯᠬᠤ ᠭᠠᠷᠴᠠ ᠭᠡᠵᠦ ᠬᠠᠷᠠᠬᠤ ᠪᠣᠯᠤᠭᠰᠠᠨ ᠨᠢᠭᠡ ᠠᠷᠠᠯᠵᠢᠶ᠎ᠠ ᠪᠣᠯ ᠺᠤᠢᠨ᠃ ᠥᠨᠥᠳᠥᠷ ᠦᠨ ᠪᠠᠶᠢᠳᠠᠯ ᠢᠶᠠᠷ ᠮᠠᠨ ᠤ ᠤᠯᠤᠰ ᠤᠨ ᠨᠠᠰᠤᠨ ᠳᠤ ᠬᠦᠷᠦᠭᠰᠡᠳ ᠦᠨ 30 ᠣᠷᠴᠢᠮ ᠬᠤᠪᠢ ᠨᠢ ᠺᠣᠶᠢᠨ ᠤ ᠠᠷᠠᠯᠵᠢᠶᠠᠨ ᠳᠤ ᠣᠷᠣᠭᠰᠠᠨ ᠭᠡᠰᠡᠨ ᠰᠤᠳᠤᠯᠭ᠎ᠠ ᠪᠠᠶᠢᠨ᠎ᠠ᠃
ᠮᠣᠩᠭᠣᠯ ᠪᠠᠩᠭᠢᠨ ᠤ ᠶᠡᠷᠦᠩᠬᠡᠢ ᠡᠳ᠋ ᠦᠨ ᠵᠠᠰᠠᠭᠴᠢ ᠳ ∙ ᠭᠠᠩᠸᠴᠢᠷ᠄《ᠬᠤᠪᠢᠴᠠᠭ᠎ᠠ ᠬᠦᠦ ᠶᠢᠨ ᠣᠷᠣᠯᠭ᠎ᠠ ᠠᠪᠴᠤ ᠢᠷᠡᠨ᠎ᠡ᠂ ᠣᠷᠣᠨ ᠰᠠᠭᠤᠴᠠ ᠳᠣᠲᠣᠷ᠎ᠠ ᠨᠢ ᠬᠦᠮᠦᠨ ᠠᠮᠢᠳᠤᠷᠠᠨ᠎ᠠ᠃ ᠺᠷᠢᠫᠲ᠋ᠤ᠋ ᠸᠠᠯᠢᠶᠤᠲ᠂ ᠺᠤᠢᠨ ᠨᠢ 《ᠣᠷᠣᠯᠭ᠎ᠠ ᠪᠦᠲᠦᠭᠡᠬᠦ ᠦᠭᠡᠢ᠂ ᠬᠦᠮᠦᠨ ᠦ ᠠᠮᠢᠳᠤᠷᠠᠯ ᠳᠤ ᠠᠰᠢᠭᠯᠠᠭᠳᠠᠬᠤ ᠦᠭᠡᠢ ᠲᠤᠯᠠ ᠲᠡᠭᠦᠨ ᠳᠦ ᠰᠠᠭᠤᠷᠢ ᠦᠨ᠎ᠡ ᠴᠡᠨ᠎ᠡ︵fundamental value︶ ᠭᠡᠵᠦ ᠪᠠᠶᠢᠬᠤ ᠦᠭᠡᠢ᠃ ᠳᠠᠩ ᠭᠠᠭᠴᠠ ᠰᠫᠧᠺᠦᠶᠢᠯᠢᠶᠠᠼ ᠢᠶᠠᠷ ᠦᠨ᠎ᠡ ᠨᠢ ᠲᠣᠳᠣᠷᠬᠠᠶᠢᠯᠠᠭᠳᠠᠳᠠᠭ᠃ ᠰᠠᠭᠤᠷᠢ ᠦᠨ᠎ᠡ ᠴᠡᠨ᠎ᠡ ᠭᠡᠵᠦ ᠪᠠᠶᠢᠬᠤ ᠦᠭᠡᠢ ᠲᠤᠯᠠ ᠦᠨ᠎ᠡ ᠶᠢᠨ ᠮᠠᠰᠢ ᠥᠨᠳᠥᠷ ᠬᠡᠯᠪᠡᠯᠵᠡᠯᠲᠡᠢ ᠪᠤᠶᠤ ᠰᠫᠧᠺᠦᠶᠢᠯᠢᠶᠠᠼ ᠤᠨ ᠳ᠋ᠦᠩ ᠳᠦ ᠬᠥᠭᠡᠰᠦᠷᠡᠵᠦ᠂ ᠬᠥᠭᠡᠰᠦ ᠨᠢ ᠬᠠᠭᠠᠷᠠᠬᠤ ᠳᠤ ᠪᠠᠨ ᠬᠡᠳᠦ ᠬᠦᠷᠲᠡᠯ᠎ᠡ ᠤᠨᠠᠬᠤ᠍ ᠶᠢ ᠬᠡᠯᠡᠬᠦ ᠪᠣᠯᠤᠮᠵᠢ ᠦᠭᠡᠢ ᠭᠡᠪᠡ᠃