《 ᠭᠠᠩ ᠬᠣᠭᠣᠯᠠᠢ》ᠳ∙ᠴᠣᠭᠵᠢᠯ ᠤᠨ ᠡᠳ᠋ ᠵᠦᠢᠯ ᠢ ᠠᠶᠢᠮᠠᠭ ᠤᠨ ᠮᠦᠽᠧᠢ ᠳᠦ ᠬᠠᠳᠠᠭᠠᠯᠠᠯ᠎ᠠ | News.MN

《 ᠭᠠᠩ ᠬᠣᠭᠣᠯᠠᠢ》ᠳ∙ᠴᠣᠭᠵᠢᠯ ᠤᠨ ᠡᠳ᠋ ᠵᠦᠢᠯ ᠢ ᠠᠶᠢᠮᠠᠭ ᠤᠨ ᠮᠦᠽᠧᠢ ᠳᠦ ᠬᠠᠳᠠᠭᠠᠯᠠᠯ᠎ᠠ

《ᠲᠣᠨᠵᠢ ᠮᠠᠩᠯᠠᠢ》ᠴᠣᠯᠠᠴᠢᠨ ᠵᠠᠰᠠᠭᠤᠯᠴᠢ᠂ ᠣᠯᠠᠨ ᠤ ᠳᠤᠮᠳᠠ 《ᠭᠠᠩ ᠬᠣᠭᠣᠯᠠᠢ》 ᠨᠡᠷ᠎ᠡ ᠪᠡᠷ ᠠᠯᠳᠠᠷᠰᠢᠭᠰᠠᠨ ᠳ∙ᠴᠣᠭᠵᠢᠯ ᠤᠨ ᠡᠳ᠋ᠯᠡᠵᠦ ᠬᠡᠷᠡᠭᠯᠡᠵᠦ ᠪᠠᠶᠢᠭᠰᠠᠨ ᠵᠦᠢᠯ ᠢ ᠥᠪᠦᠷᠬᠠᠩᠭᠠᠢ ᠠᠶᠢᠮᠠᠭ ᠤᠨ ᠮᠦᠽᠧᠢ ᠶᠢᠨ《ᠠᠯᠳᠠᠷ ᠤᠨ ᠲᠠᠩᠬᠢᠮ》 ᠳᠦ ᠬᠠᠳᠠᠭᠠᠯᠠᠬᠤ ᠪᠠᠷ ᠬᠦᠯᠢᠶᠡᠨ ᠠᠪᠤᠯ᠎ᠠ᠃

ᠮᠣᠩᠭᠣᠯ ᠲᠥᠷᠥ ᠶᠢᠨ ᠦᠨᠳᠦᠰᠦᠨ ᠦ ᠶᠡᠬᠡ ᠪᠠᠶᠠᠷ ᠨᠠᠭᠠᠳᠤᠮ ᠤᠨ ᠬᠦᠴᠦᠲᠦ ᠪᠥᠬᠡ ᠶᠢᠨ ᠪᠠᠷᠢᠯᠳᠤᠭᠠᠨ ᠤ ᠵᠦᠯᠭᠡ ᠨᠣᠭᠣᠭᠠᠨ  ᠳᠡᠪᠵᠢᠶᠡᠨ  ᠳᠦ ᠵᠡᠭᠦᠨ᠂ ᠪᠠᠷᠠᠭᠤᠨ ᠲᠠᠯ᠎ᠠ ᠶᠢᠨ ᠲᠡᠷᠢᠭᠦᠨ ᠮᠠᠩᠨᠠᠢ ᠳᠤ ᠳᠠᠶᠠᠭᠠᠷ ᠳᠤᠷᠠᠰᠤᠭᠳᠠᠬᠤ᠂ ᠳᠠᠯᠠᠢ᠂ ᠳᠠᠶᠠᠩ᠂ ᠳᠠᠷᠬᠠᠨ ᠠᠪᠤᠷᠭᠤ ᠨᠤᠭᠤᠳ ᠢ 30 ᠭᠠᠷᠤᠢ ᠵᠢᠯ ᠴᠣᠯᠠᠯᠠᠵᠤ᠂ ᠳᠣᠯᠣᠭᠠᠨ ᠦᠶ᠎ᠡ ᠶᠢᠨ ᠠᠪᠤᠷᠭᠤ ᠨᠤᠭᠤᠳ ᠢ ᠲᠥᠷᠦᠭᠦᠯᠦᠭᠰᠡᠨ ᠬᠦᠮᠦᠨ ᠪᠣᠯ ᠪᠥᠬᠡ  ᠴᠤᠯᠠᠯᠠᠭᠴᠢ᠂ ᠵᠠᠰᠠᠭᠤᠯ ᠳᠠᠰᠢᠳᠤᠨᠳᠤᠭ ᠤᠨ ᠴᠣᠭᠵᠢᠯ ᠭᠤᠸᠠᠢ ᠶᠤᠮ᠃ ᠲᠡᠷᠡ ᠪᠡᠷ ᠮᠣᠩᠭᠣᠯ ᠲᠥᠷᠥ ᠶᠢᠨ ᠢᠶᠡᠨ ᠶᠡᠬᠡ ᠪᠠᠶᠠᠷ ᠨᠠᠭᠠᠳᠤᠮ ᠳᠤ ᠠᠪᠤᠷᠭᠤ ᠨᠤᠭᠤᠳ ᠤᠨ ᠴᠣᠯᠠ ᠶᠢ 105 ᠤᠳᠠᠭ᠎ᠠ᠂ ᠠᠶᠢᠮᠠᠭ ᠤᠨ ᠪᠣᠯᠤᠨ ᠴᠠᠭᠠᠨ ᠰᠠᠷ᠎ᠠ ᠶᠢᠨ ᠪᠠᠷᠢᠯᠳᠤᠭᠠᠨ ᠳᠤ 900 ᠭᠠᠷᠤᠢ ᠤᠳᠠᠭ᠎ᠠ ᠠᠪᠤᠷᠭᠤ᠂  ᠠᠷᠰᠯᠠᠨ ᠤ ᠴᠣᠯᠠ ᠶᠢ ᠳᠠᠭᠤᠳᠠᠵᠠᠢ᠃

ᠰᠡᠳᠬᠢᠭᠳᠡᠯ ᠦᠯᠡᠳᠡᠭᠡᠬᠦ