ᠤᠯᠠᠭᠠᠨᠪᠠᠭᠠᠲᠤᠷ ᠲᠡᠮᠦᠷ ᠵᠠᠮ ᠤᠨ 80 ᠬᠤᠪᠢ ᠶᠢ ᠰᠢᠨᠡᠴᠢᠯᠡᠭᠡᠳ ᠪᠠᠶᠢᠨ᠎ᠠ | News.MN

ᠤᠯᠠᠭᠠᠨᠪᠠᠭᠠᠲᠤᠷ ᠲᠡᠮᠦᠷ ᠵᠠᠮ ᠤᠨ 80 ᠬᠤᠪᠢ ᠶᠢ ᠰᠢᠨᠡᠴᠢᠯᠡᠭᠡᠳ ᠪᠠᠶᠢᠨ᠎ᠠ

ᠮᠣᠩᠭᠣᠯ ᠤᠯᠤᠰ ᠤᠨ ᠨᠡᠶᠢᠲᠡ ᠠᠴᠢᠶ᠎ᠠ ᠲᠡᠭᠡᠭᠡᠪᠦᠷᠢ ᠶᠢᠨ 70 ᠭᠠᠷᠤᠢ ᠬᠤᠪᠢ ᠶᠢ ᠲᠡᠮᠦᠷ ᠵᠠᠮ ᠢᠶᠠᠷ ᠲᠡᠭᠡᠭᠡᠪᠦᠷᠢᠯᠡᠳᠡᠭ᠃ ᠠᠽᠢᠶ᠎ᠠ ᠧᠦ᠋ᠷᠣᠫᠠ ᠶᠢᠨ ᠬᠣᠭᠣᠷᠣᠨᠳᠣᠬᠢ ᠶᠡᠬᠡ ᠬᠡᠮᠵᠢᠶᠡᠨ ᠦ ᠠᠴᠢᠶ᠎ᠠ ᠤᠯᠠᠭᠠᠨᠪᠠᠭᠠᠲᠤᠷ ᠲᠡᠮᠦᠷ ᠵᠠᠮ ᠢᠶᠠᠷ ᠳᠠᠮᠵᠢᠨ ᠥᠩᠭᠡᠷᠡᠳᠡᠭ᠃《ᠤᠯᠠᠭᠠᠨᠪᠠᠭᠠᠲᠤᠷ ᠲᠡᠮᠦᠷ ᠵᠠᠮ》ᠺᠤᠮᠫᠠᠨᠢ 2021 ᠣᠨ ᠳᠤ ᠭᠣᠣᠯ ᠵᠠᠮ ᠳᠤ ᠪᠠᠨ 80.7 ᠺᠢᠯᠣᠮᠧᠲ᠋ᠷ ᠶᠡᠬᠡ ᠵᠠᠰᠠᠪᠤᠷᠢ ᠶᠢᠨ ᠠᠵᠢᠯ ᠬᠢᠵᠦ᠂ ᠳᠤᠯᠤᠭᠠᠨ ᠥᠷᠲᠡᠭᠡ ᠵᠥᠷᠢᠯᠭᠡ ᠶᠢᠨ ᠵᠠᠮ ᠢ ᠥᠷᠭᠡᠳᠬᠡᠵᠦ᠂ ᠠᠯᠤᠰ ᠤᠨ ᠠᠦ᠋ᠲ᠋ᠣᠮᠠᠲ ᠤᠳᠤᠷᠢᠳᠤᠯᠭ᠎ᠠ ᠲᠠᠢ ᠨᠢᠭᠡ ᠵᠥᠷᠢᠯᠭᠡ ᠶᠢ ᠰᠢᠨ᠎ᠡ ᠪᠡᠷ ᠪᠠᠶᠢᠭᠤᠯᠤᠯ᠎ᠠ᠃ ᠡᠭᠦᠨ ᠳᠦ ᠲᠤᠯᠤᠭᠠᠢᠲᠤ -ᠠᠮᠤᠭᠤᠯᠠᠩ ᠬᠣᠭᠣᠷᠣᠨᠳᠣ ᠶᠢᠨ 17 ᠺᠢᠯᠣᠮᠧᠲ᠋ᠷ ᠵᠠᠮ ᠂ ᠮᠥᠨ ᠵᠠᠮ ᠤᠨ-ᠡᠭᠦᠳᠡ ᠡᠴᠡ ᠤᠯᠤᠰ ᠤᠨ ᠬᠢᠯᠢ ᠬᠦᠷᠲᠡᠯᠡᠬᠢ 3.3 ᠺᠢᠯᠣᠮᠧᠲ᠋ᠷ ᠵᠠᠮ ᠢ ᠰᠢᠨᠡᠳᠭᠡᠬᠦ ᠠᠵᠢᠯ ᠪᠠᠭᠲᠠᠭᠰᠠᠨ ᠶᠤᠮ᠃

ᠲᠡᠳᠡ ᠰᠠᠭᠤᠷᠢ ᠪᠦᠲᠦᠴᠡ ᠪᠡᠨ ᠰᠢᠨᠡᠳᠭᠡᠬᠦ ᠠᠵᠢᠯ ᠢ ᠡᠷᠴᠢᠮᠲᠡᠢ ᠬᠢᠵᠦ ᠪᠠᠶᠢᠭ᠎ᠠ ᠪᠥᠭᠡᠳ ᠥᠨᠥᠳᠥᠷ ᠭᠣᠣᠯ ᠵᠠᠮ ᠤᠨ ᠢᠶᠠᠨ 80 ᠬᠤᠪᠢ ᠶᠢ ᠣᠯᠠᠨ ᠤᠯᠤᠰ ᠤᠨ ᠵᠢᠱᠢᠭ ᠲᠦ ᠨᠡᠶᠢᠴᠡᠭᠰᠡᠨ ᠵᠠᠮ ᠪᠣᠯᠭᠠᠵᠤ ᠰᠢᠨᠡᠴᠢᠯᠡᠭᠡᠳ ᠪᠠᠶᠢᠨ᠎ᠠ᠃

ᠰᠡᠳᠬᠢᠭᠳᠡᠯ ᠦᠯᠡᠳᠡᠭᠡᠬᠦ