ᠬᠦᠳᠡᠭᠡ ᠠᠵᠤ ᠠᠬᠤᠢ ᠬᠦᠩᠭᠡᠨ ᠦᠢᠯᠡᠳᠪᠤᠷᠢ ᠶᠢᠨ ᠶᠠᠮᠤᠨ ᠡᠨᠡ ᠵᠢᠯ 13.3 ᠮᠢᠩᠭᠠᠨ ᠲᠣᠨ ᠮᠢᠬ᠎ᠠ ᠨᠥᠭᠡᠴᠡᠯᠡᠬᠦ ᠪᠡᠷ ᠠᠵᠤ ᠠᠬᠤᠢ ᠶᠢᠨ ᠨᠢᠭᠡᠴᠡ ᠨᠦᠭᠦᠳ ᠲᠡᠢ ᠭᠡᠷ᠎ᠡ ᠪᠠᠶᠢᠭᠤᠯᠤᠭᠰᠠᠨ ᠪᠠᠶᠢᠨ᠎ᠠ᠃ ᠠᠷᠢᠭᠤᠨ ᠴᠡᠪᠡᠷ᠂ ᠡᠷᠡᠭᠦᠯ ᠠᠬᠤᠢ ᠶᠢᠨ ᠱᠠᠭᠠᠷᠳᠠᠯᠭ᠎ᠠ ᠬᠠᠩᠭᠠᠭᠰᠠᠨ ᠠᠭᠤᠯᠬᠤ ᠳᠤ ᠬᠠᠳᠠᠭᠠᠯᠠᠵᠤ ᠪᠠᠶᠢᠭ᠎ᠠ ᠮᠢᠬᠠᠨ ᠤ ᠲᠤᠬᠠᠢ ᠳ᠋ᠦᠩ ᠮᠡᠳᠡᠭᠡ ᠶᠢ ᠳᠣᠯᠣᠭ᠎ᠠ ᠬᠣᠨᠣᠭ ᠪᠦᠷᠢ ᠲᠣᠭᠲᠠᠮᠠᠯ ᠠᠪᠴᠤ ᠪᠠᠶᠢᠭ᠎ᠠ ᠪᠥᠭᠡᠳ ᠡᠮᠦᠨᠡᠬᠢ ᠳᠣᠯᠣᠭ᠎ᠠ ᠬᠣᠨᠣᠭ ᠤᠨ ᠮᠢᠭᠮᠠᠷ ᠭᠠᠷᠠᠭ ᠤᠨ ᠮᠡᠳᠡᠭᠡ ᠪᠡᠷ 7400 ᠲᠣᠨ ᠮᠢᠬ᠎ᠠ ᠠᠭᠤᠯᠠᠬᠤ ᠳᠤ ᠬᠠᠳᠠᠭᠠᠯᠠᠵᠤ ᠪᠠᠶᠢᠭ᠎ᠠ ᠠᠵᠠᠢ᠃
ᠡᠨᠡ ᠵᠢᠯ ᠮᠠᠯ ᠲᠠᠷᠭᠤ ᠬᠦᠴᠦᠲᠡᠢ ᠪᠠᠶᠢᠭ᠎ᠠ ᠤᠴᠢᠷ ᠮᠢᠬᠠᠨ ᠤ ᠴᠢᠨᠠᠷ ᠬᠠᠷᠢᠴᠠᠩᠭᠤᠢ ᠰᠠᠶᠢᠨ ᠪᠠᠶᠢᠭ᠎ᠠ ᠶᠤᠮ ᠪᠠᠶᠢᠨ᠎ᠠ᠃ ᠲᠡᠶᠢᠮᠦ ᠡᠴᠡ ᠮᠢᠬᠠᠨ ᠤ ᠥᠭᠡᠬᠦ ᠶᠡᠬᠡᠳᠬᠦ ᠡᠴᠡ ᠰᠡᠷᠭᠡᠶᠢᠯᠡᠵᠦ ᠠᠵᠤ ᠠᠬᠤᠢ ᠶᠢᠨ ᠨᠢᠭᠡᠴᠡ ᠨᠦᠭᠦᠳ ᠲᠦ ᠵᠥᠪᠯᠡᠮᠵᠢ ᠬᠦᠷᠭᠡᠭᠦᠯᠵᠡᠢ᠃ ᠨᠡᠶᠢᠲᠡ ᠪᠡᠯᠡᠳᠬᠡᠵᠦ ᠪᠤᠢ ᠮᠢᠬᠠᠨ ᠤ 30 ᠬᠤᠪᠢ ᠨᠢ ᠦᠬᠡᠷ᠂ 60 ᠬᠤᠪᠢ ᠨᠢ ᠬᠣᠨᠢ᠂ 10 ᠬᠤᠪᠢ ᠨᠢ ᠢᠮᠠᠭᠠᠨ ᠤ ᠬᠢ ᠶᠤᠮ᠃