︽ᠮᠣᠷᠢᠨ ᠬᠤᠭᠤᠷ︾ᠨᠠᠭᠠᠳᠤᠮ ᠤᠨ ᠰᠢᠯᠢᠳᠡᠭ ᠦᠳ ᠡᠨᠡ ᠰᠠᠷ᠎ᠠ ᠶᠢᠨ 12  ᠳᠦ ᠲᠣᠳᠣᠷᠠᠨ᠎ᠠ | News.MN

︽ᠮᠣᠷᠢᠨ ᠬᠤᠭᠤᠷ︾ᠨᠠᠭᠠᠳᠤᠮ ᠤᠨ ᠰᠢᠯᠢᠳᠡᠭ ᠦᠳ ᠡᠨᠡ ᠰᠠᠷ᠎ᠠ ᠶᠢᠨ 12  ᠳᠦ ᠲᠣᠳᠣᠷᠠᠨ᠎ᠠ

ᠣᠨ ᠤ ᠰᠢᠯᠢᠳᠡᠭ ᠳᠠᠭᠤᠤ ᠰᠢᠯᠭᠠᠷᠠᠭᠤᠯᠬᠤ 《ᠮᠣᠷᠢᠨ ᠬᠤᠭᠤᠷ 33》᠂ 《ᠮᠣᠷᠢᠨ ᠬᠤᠭᠤᠷ 34》 ᠨᠠᠭᠠᠳᠤᠮ ᠤᠨ ᠡᠬᠢᠨ ᠦ ᠱᠠᠲᠤᠨ ᠤ ᠰᠢᠯᠭᠠᠷᠠᠭᠤᠯᠤᠯᠲᠠ ᠥᠩᠭᠡᠷᠡᠭᠰᠡᠨ ᠠᠮᠠᠷᠠᠯᠲᠠ ᠶᠢᠨ ᠡᠳᠦᠷ ᠦᠳ ᠲᠦ ᠪᠣᠯᠵᠤ ᠥᠨᠳᠥᠷᠯᠡᠯ᠎ᠡ᠃ ᠡᠨᠡ ᠤᠳᠠᠭ᠎ᠠ ᠶᠢᠨ ᠨᠠᠭᠠᠳᠤᠮ ᠤᠨ ᠰᠢᠭᠦᠭᠴᠢ ᠪᠡᠷ ᠢᠷᠠᠭᠤ ᠨᠠᠶᠢᠷᠠᠭᠴᠢ ᠫ ∙ᠨᠢᠮᠠᠯᠾᠬᠠᠪᠠ᠂ ᠴ᠂ ᠡᠷᠳᠡᠨᠢᠪᠠᠲᠤ᠂ ᠬᠥᠭᠵᠢᠮ ᠦᠨ ᠵᠣᠬᠢᠶᠠᠯᠴᠢ ᠬ ∙ ᠠᠯᠲᠠᠨᠭᠡᠷᠡᠯ᠂ ᠭᠣᠴᠣᠯᠠᠯ ᠳᠠᠭᠤᠴᠢᠨ ᠪ∙ᠡᠩᠬᠡᠨᠠᠷᠠᠨ ᠨᠠᠷ ᠠᠵᠢᠯᠯᠠᠵᠤ ᠪᠠᠶᠢᠨ᠎ᠠ᠃ ᠨᠠᠭᠠᠳᠤᠮ ᠤᠨ ᠰᠢᠯᠢᠳᠡᠭ ᠪᠦᠲᠦᠭᠡᠯ ᠦᠳ ᠲᠦ ᠱᠠᠩᠨᠠᠯ ᠭᠠᠷᠳᠠᠭᠤᠯᠬᠤ ᠶᠣᠰᠣᠯᠠᠯ ᠪᠣᠯᠤᠨ ᠨᠢᠭᠡᠳᠦᠭᠰᠡᠨ ᠲᠣᠭᠯᠠᠯᠲᠠ ᠲᠥᠪ ᠠᠶᠢᠮᠠᠭ ᠤᠨ︽ᠮᠣᠩᠭᠣᠯ ᠲᠤᠭᠤᠷᠭᠠᠲᠠᠨ︾ᠲᠢᠶᠠᠲ᠋ᠷ ᠲᠤ ᠡᠨᠡ ᠰᠠᠷ᠎ᠠ ᠶᠢᠨ 12  ᠳᠦ ᠪᠣᠯᠤᠨ᠎ᠠ᠃ ᠮᠡᠷᠭᠡᠵᠢᠯ ᠦᠨ ᠪᠣᠯᠤᠨ ᠨᠡᠶᠢᠲᠡ ᠶᠢᠨ᠂ ᠧᠰᠲᠷᠠᠳ᠋ ᠳᠠᠭᠤᠤ ᠭᠡᠰᠡᠨ ᠭᠤᠷᠪᠠᠨ ᠲᠥᠷᠥᠯ ᠳᠦ ᠰᠢᠯᠢᠳᠡᠭ ᠤᠷᠠᠨ ᠪᠦᠲᠦᠭᠡᠯᠴᠢᠳ ᠢ ᠰᠢᠯᠭᠠᠷᠠᠭᠤᠯᠳᠠᠭ ᠮᠣᠩᠭᠣᠯ ᠦᠨᠳᠦᠰᠦᠲᠡᠨ ᠦ ᠳᠠᠭᠤᠤ ᠶᠢᠨ ᠤᠷᠠᠨ ᠪᠦᠲᠦᠭᠡᠯ ᠦᠨ ᠤᠷ᠎ᠠ ᠶᠢᠨ ᠰᠠᠩ ᠢ ᠪᠠᠶᠠᠵᠢᠭᠤᠯᠬᠤ᠂ ᠲᠥᠷᠥᠯ ᠬᠡᠯᠪᠡᠷᠢ᠂ ᠠᠭᠤᠯᠭ᠎ᠠ ᠶᠢ ᠥᠷᠭᠡᠵᠢᠭᠦᠯᠦᠨ ᠤᠷᠠᠨ ᠪᠦᠲᠦᠭᠡᠯᠴᠢᠳ ᠢ ᠠᠯᠳᠠᠷᠰᠢᠭᠤᠯᠬᠤ᠂ ᠣᠨ ᠤ ᠰᠢᠯᠢᠳᠡᠭ ᠳᠠᠭᠤᠤ ᠶᠢ ᠰᠢᠯᠭᠠᠷᠠᠭᠤᠯᠬᠤ ᠵᠣᠷᠢᠯᠭ᠎ᠠ ᠲᠠᠢ《ᠮᠣᠷᠢᠨ ᠬᠤᠭᠤᠷ》ᠨᠠᠭᠠᠳᠤᠮ ᠲᠠᠬᠤᠯ ᠤᠨ ᠤᠯᠠᠮ ᠠᠴᠠ ᠥᠨᠵᠢᠵᠦ᠂ ᠡᠨᠡ ᠵᠢᠯ ᠬᠣᠶᠠᠷ ᠵᠢᠯ ᠦᠨ ᠰᠢᠯᠢᠳᠡᠭ ᠦᠳ ᠢ ᠰᠢᠯᠭᠠᠷᠠᠭᠤᠯᠵᠤ ᠪᠤᠢ ᠶᠤᠮ᠃

ᠰᠡᠳᠬᠢᠭᠳᠡᠯ ᠦᠯᠡᠳᠡᠭᠡᠬᠦ