ᠳᠠᠷᠢᠭᠠᠩᠭ᠎ᠠ ᠰᠤᠮᠤ ᠶᠢᠨ ᠭᠠᠩᠭ᠎ᠠ ᠨᠠᠭᠤᠷ ᠲᠤ ᠵᠢᠯ ᠪᠦᠷᠢ ᠴᠢᠭᠤᠯᠳᠠᠭ ᠬᠤᠨ ᠤ ᠴᠢᠭᠤᠯᠭᠠᠨ ᠢ ᠡᠨᠡ ᠵᠢᠯ 12000 ᠭᠠᠷᠤᠢ ᠵᠢᠭᠤᠯᠴᠢᠨ ᠦᠵᠡᠭᠰᠡᠨ ᠭᠡᠰᠡᠨ ᠰᠤᠳᠤᠯᠭ᠎ᠠ ᠭᠠᠷᠴᠠᠢ᠃ ᠡᠩ ᠦᠨ ᠵᠢᠭᠤᠯᠴᠢᠳ᠂ ᠰᠢᠪᠠᠭᠤ ᠰᠤᠳᠤᠯᠤᠭᠠᠴᠢᠳ᠂ ᠭᠡᠷᠡᠯ ᠵᠢᠷᠤᠭᠴᠢᠳ᠂ ᠡᠷᠳᠡᠮᠲᠡᠳ ᠭᠡᠳ ᠬᠤᠨ ᠤ ᠴᠢᠭᠤᠯᠭᠠᠨ ᠢ ᠵᠣᠷᠢᠨ ᠢᠷᠡᠬᠦ ᠵᠢᠭᠤᠯᠴᠢᠳ ᠤᠨ ᠲᠣᠭ᠎ᠠ ᠡᠶᠢᠨᠬᠦᠦ ᠡᠷᠡᠰ ᠨᠡᠮᠡᠭᠳᠡᠭᠰᠡᠨ ᠨᠢ ᠭᠠᠩᠭ᠎ᠠ ᠨᠠᠭᠤᠷ ᠤᠨ ᠬᠠᠮᠠᠭᠠᠯᠠᠯᠲᠠ ᠰᠠᠶᠢᠵᠢᠷᠠᠭᠰᠠᠨ ᠲᠠᠢ ᠬᠣᠯᠪᠣᠭ᠎ᠠ ᠲᠠᠢ ᠃
2019 ᠣᠨ ᠠᠴᠠ ᠭᠠᠩᠭ᠎ᠠ ᠨᠠᠭᠤᠷ ᠤᠨ ᠤᠰᠤᠨ ᠤ ᠲᠦᠪᠰᠢᠨ᠂ ᠡᠷᠭᠢ ᠶᠢᠨ ᠲᠣᠯᠢᠶ᠎ᠠ ᠲᠡᠯᠡᠭᠰᠡᠨ ᠵᠡᠷᠭᠡ ᠨᠢ ᠬᠤᠨ ᠴᠢᠭᠤᠯᠬᠤ ᠳᠤ ᠡᠶᠡᠷᠭᠦ ᠪᠡᠷ ᠨᠥᠯᠦᠭᠡᠯᠡᠵᠦ᠂ ᠡᠨᠡ ᠵᠢᠯ ᠤᠷᠢᠳᠤ ᠵᠢᠯ ᠦᠳ ᠡᠴᠡ ᠣᠯᠠᠨ ᠬᠤᠨ ᠴᠢᠭᠤᠯᠤᠭᠰᠠᠨ᠃ ᠡᠮᠦᠨ᠎ᠡ ᠨᠢ ᠳᠡᠭᠡᠳᠦ ᠲᠠᠯ᠎ᠠ ᠨᠢ 2-3 ᠮᠢᠩᠭᠠᠨ ᠬᠤᠨ ᠴᠢᠭᠤᠯᠳᠠᠭ ᠪᠠᠶᠢᠭᠰᠠᠨ ᠪᠣᠯ ᠡᠨᠡ ᠵᠢᠯ 5000 ᠭᠠᠷᠤᠢ ᠬᠤᠨ ᠴᠢᠭᠤᠯᠤᠯᠠ᠃ ᠮᠥᠨ ᠴᠠᠭ ᠠᠭᠠᠷ ᠳᠤᠯᠠᠭᠠᠨ᠂ ᠤᠷᠲᠤ ᠨᠠᠮᠤᠷ ᠪᠠᠶᠢᠭᠰᠠᠨ ᠤᠴᠢᠷ ᠬᠤᠨ ᠰᠢᠪᠠᠭᠤᠳ ᠠᠷᠪᠠᠨ ᠨᠢᠭᠡᠳᠦᠭᠡᠷ ᠰᠠᠷ᠎ᠠ ᠶᠢᠨ ᠰᠡᠭᠦᠯ ᠢᠶᠡᠷ ᠪᠤᠶᠤ ᠶᠡᠬᠡ ᠣᠷᠣᠢ ᠪᠤᠴᠠᠭᠰᠠᠨ ᠭᠡᠵᠦ ᠳᠠᠷᠢᠭᠠᠩᠭ᠎ᠠ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠪᠠᠶᠢᠭᠠᠯᠢ ᠣᠷᠴᠢᠨ ᠤ ᠬᠢᠨᠠᠯᠲᠠ ᠶᠢᠨ ᠤᠯᠤᠰ ᠤᠨ ᠪᠠᠶᠢᠴᠠᠭᠠᠭᠴᠢ ᠪ ∙ ᠴᠢᠯᠠᠭᠤᠨᠴᠢᠮᠡᠭ ᠮᠡᠳᠡᠭᠡᠯᠡᠯ᠎ᠡ᠃