ᠡ᠊∙ᠴᠡᠨᠳᠡᠪᠠᠭᠠᠲᠤᠷ ᠠᠩᠬᠠᠨ ᠤ ᠲᠤᠯᠤᠭᠠᠨ ᠢᠶᠠᠨ ᠡᠨᠡ ᠰᠠᠷ᠎ᠠ ᠶᠢᠨ 17  ᠳᠦ ᠬᠢᠨ᠎ᠡ | News.MN

ᠡ᠊∙ᠴᠡᠨᠳᠡᠪᠠᠭᠠᠲᠤᠷ ᠠᠩᠬᠠᠨ ᠤ ᠲᠤᠯᠤᠭᠠᠨ ᠢᠶᠠᠨ ᠡᠨᠡ ᠰᠠᠷ᠎ᠠ ᠶᠢᠨ 17  ᠳᠦ ᠬᠢᠨ᠎ᠡ

ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠦᠷᠡᠯ ᠮᠸᠳᠠᠯᠲᠤ᠂ ᠭᠠᠪᠢᠶᠠᠲᠤ ᠲᠠᠮᠢᠷᠴᠢᠨ ᠡ᠊∙ᠴᠡᠨᠳᠡᠪᠠᠭᠠᠲᠤᠷ ᠮᠡᠷᠭᠡᠵᠢᠯ ᠦᠨ ᠪᠣᠺᠰ ᠤᠨ ᠳᠡᠪᠵᠢᠶᠡᠨ ᠳᠦ ᠥᠷᠢᠰᠥᠯᠳᠥᠬᠦ ᠰᠢᠢᠳᠪᠦᠷᠢ ᠭᠠᠷᠭᠠᠭᠠᠳ ᠪᠠᠶᠢᠭ᠎ᠠ ᠪᠢᠯᠡ᠃ ᠲᠡᠭᠡᠪᠡᠯ ᠲᠡᠷᠡᠪᠡᠷ ᠡᠬᠢᠨ ᠦ ᠲᠤᠯᠤᠭᠠᠨ ᠢᠶᠠᠨ ᠬᠢᠬᠦ ᠪᠡᠷ ᠮᠣᠰᠺᠸᠠ ᠬᠤᠲᠠ ᠳᠤ ᠣᠴᠢᠭᠰᠠᠨ ᠪᠠᠶᠢᠨ᠎ᠠ᠃
ᠡ᠊∙ᠴᠡᠨᠳᠡᠪᠠᠭᠠᠲᠤᠷ ᠠᠷᠪᠠᠨ ᠬᠣᠶᠠᠳᠤᠭᠠᠷ ᠰᠠᠷ᠎ᠠ ᠶᠢᠨ 17  ᠤ ᠡᠳᠦᠷ ᠮᠡᠷᠭᠡᠵᠢᠯ ᠦᠨ ᠪᠣᠺᠰ ᠢᠶᠠᠷ ᠠᠪᠤᠷᠭᠤ ᠶᠢᠨ ᠪᠥᠰᠡ ᠶᠢᠨ ᠲᠥᠯᠥᠭᠡ ᠲᠤᠯᠤᠯᠳᠤᠬᠤ ᠶᠤᠮ᠃︽ᠷᠢᠤ᠋ -2016》ᠣᠯᠢᠮᠫ ᠤᠨ ᠨᠠᠭᠠᠳᠤᠮ ᠤᠨ ᠲᠠᠪᠤᠳᠤᠭᠠᠷ ᠪᠠᠶᠢᠷᠢ ᠶᠢᠨ ᠱᠠᠩᠨᠠᠯᠲᠤ᠂ ᠤᠯᠤᠰ ᠤᠨ ᠳᠥᠷᠪᠡᠨ ᠤᠳᠠᠭ᠎ᠠ ᠶᠢᠨ ᠠᠪᠤᠷᠭᠤ ᠲᠡᠷᠡᠪᠡᠷ ᠪᠣᠺᠰ ᠤᠨ ᠳᠡᠪᠵᠢᠶᠡᠨ ᠳᠦ 288 ᠲᠤᠯᠤᠭᠠᠨ ᠬᠢᠵᠦ᠂ 271 ᠢᠯᠠᠯᠲᠠ ᠪᠠᠶᠢᠭᠤᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ