《ᠬᠣᠶᠢᠮᠣᠷ ᠨᠤᠲᠤᠭ ᠤᠨ ᠵᠣᠭᠣᠭ-2021》ᠬᠣᠭᠣᠯᠠᠨ ᠤ ᠦᠵᠡᠰᠬᠦᠯᠡᠩ ᠪᠣᠯᠤᠯ᠎ᠠ | News.MN

《ᠬᠣᠶᠢᠮᠣᠷ ᠨᠤᠲᠤᠭ ᠤᠨ ᠵᠣᠭᠣᠭ-2021》ᠬᠣᠭᠣᠯᠠᠨ ᠤ ᠦᠵᠡᠰᠬᠦᠯᠡᠩ ᠪᠣᠯᠤᠯ᠎ᠠ

ᠬᠥᠪᠰᠥᠭᠥᠯ ᠠᠶᠢᠮᠠᠭ ᠲᠤ ᠠᠩᠬ᠎ᠠ ᠤᠳᠠᠭ᠎ᠠ 《ᠬᠣᠶᠢᠮᠣᠷ ᠨᠤᠲᠤᠭ ᠤᠨ ᠵᠣᠭᠣᠭ-2021》 ᠬᠣᠭᠣᠯᠠᠨ ᠤ ᠦᠵᠡᠰᠬᠦᠯᠡᠩ ᠪᠣᠯᠤᠯ᠎ᠠ᠃
ᠡᠨᠡ ᠤᠳᠠᠭ᠎ᠠ ᠶᠢᠨ ᠦᠵᠡᠰᠬᠦᠯᠡᠩ ᠳᠦ ᠴᠢᠨᠳᠠᠮᠤᠨᠢ-ᠥᠨᠳᠥᠷ ᠰᠤᠮᠤ ᠠᠴᠠ ᠤᠷᠢᠶᠠᠩᠬᠠᠢ ᠬᠣᠭᠣᠯᠠ᠂  ᠷᠢᠨᠴᠢᠨᠯᠾᠦ᠋ᠮᠪᠤ ᠰᠤᠮᠤ ᠠᠴᠠ ᠳᠠᠷᠬᠠᠳ ᠬᠣᠭᠣᠯᠠ᠂  ᠭᠠᠯᠲᠤ ᠰᠤᠮᠤ ᠠᠴᠠ ᠬᠠᠯᠬ᠎ᠠ ᠬᠣᠭᠣᠯᠠ᠂ ᠴᠠᠭᠠᠨᠨᠠᠭᠤᠷ ᠰᠤᠮᠤ ᠠᠴᠠ ᠴᠠᠲᠠᠨ ᠬᠣᠭᠣᠯᠠ᠂ ᠮᠥᠷᠡᠨ ᠰᠤᠮᠤ ᠠᠴᠠ ᠬᠣᠲᠣᠭᠣᠶᠢᠳ᠂ ᠪᠤᠷᠢᠶᠠᠳ ᠬᠣᠭᠣᠯᠠᠨ ᠤ ᠥᠪ ᠰᠤᠶᠤᠯ ᠤᠨ ᠲᠠᠯ᠎ᠠ ᠪᠠᠷ ᠨᠡᠶᠢᠲᠡ 8 ᠪᠠᠭ ᠣᠷᠣᠯᠴᠠᠯ᠎ᠠ᠃

ᠬᠠᠮᠤᠭ ᠤᠨ ᠭᠣᠣᠯ ᠨᠢ ᠳᠡᠭᠡᠷ᠎ᠡ ᠦᠶ᠎ᠡ ᠳᠦ ᠳᠡᠭᠡᠷᠡᠬᠢ  ᠶᠠᠰᠤᠲᠠᠳ ᠰᠣᠩᠭᠢᠨ᠎ᠠ᠂ ᠮᠠᠩᠭᠢᠷ ᠠᠴᠠ ᠥᠭᠡᠷ᠎ᠡ ᠠᠮᠲᠠᠯᠠᠭᠴᠢ ᠦᠭᠡᠢ ᠬᠣᠭᠣᠯᠠ ᠶᠢ ᠢᠮᠠᠭᠠᠬᠠᠢ᠂ ᠭᠢᠴᠢᠭᠢᠨ᠎ᠡ ᠪᠡᠷ ᠠᠮᠲᠠᠯᠠᠨ ᠵᠠᠷᠢᠮ ᠦᠶ᠎ᠡ ᠳᠦ ᠴᠢᠯᠠᠭᠤᠨ ᠳᠡᠭᠡᠷ᠎ᠡ ᠬᠠᠭᠠᠷᠢᠵᠤ ᠰᠢᠷᠠᠵᠤ ᠢᠳᠡᠳᠡᠭ ᠪᠠᠶᠢᠭᠰᠠᠨ ᠪᠠᠶᠢᠨ᠎ᠠ᠃ ᠶᠡᠬᠡᠪᠴᠢᠯᠡᠨ ᠡᠪᠦᠯ ᠦᠨ ᠤᠯᠠᠷᠢᠯ ᠳᠤ ᠮᠢᠬᠠᠨ ᠬᠣᠭᠣᠯᠠ ᠬᠡᠷᠡᠭᠯᠡᠵᠦ᠂ ᠤᠷᠢᠨ ᠳᠤᠯᠠᠭᠠᠨ ᠵᠤᠨ ᠤ ᠴᠠᠭ ᠲᠤ ᠴᠠᠭᠠᠨ ᠢᠳᠡᠭᠡ  ᠬᠡᠷᠡᠭᠯᠡᠳᠡᠭ ᠪᠠᠶᠢᠭᠰᠠᠨ ᠭᠡᠳᠡᠭ ᠢ ᠪᠠᠭ ᠤᠳ ᠣᠨᠴᠠᠯᠠᠵᠤ ᠪᠠᠶᠢᠯ᠎ᠠ᠃

 

ᠰᠡᠳᠬᠢᠭᠳᠡᠯ ᠦᠯᠡᠳᠡᠭᠡᠬᠦ