ᠮᠣᠩᠭᠣᠯ ᠤᠯᠤᠰ ᠢ ᠲᠥᠯᠥᠭᠡᠯᠡᠨ《ᠳᠡᠯᠡᠬᠡᠢ ᠶᠢᠨ ᠰᠢᠯᠢᠳᠡᠭ》 ᠲᠤ ᠰᠠᠨᠠᠯ ᠢᠶᠠᠨ ᠥᠭᠭᠦᠯ᠎ᠡ | News.MN

ᠮᠣᠩᠭᠣᠯ ᠤᠯᠤᠰ ᠢ ᠲᠥᠯᠥᠭᠡᠯᠡᠨ《ᠳᠡᠯᠡᠬᠡᠢ ᠶᠢᠨ ᠰᠢᠯᠢᠳᠡᠭ》 ᠲᠤ ᠰᠠᠨᠠᠯ ᠢᠶᠠᠨ ᠥᠭᠭᠦᠯ᠎ᠡ

ᠣᠯᠠᠨ ᠤᠯᠤᠰ ᠤᠨ ᠬᠥᠯ ᠪᠥᠮᠪᠥᠭᠡ ᠶᠢᠨ ᠬᠣᠯᠪᠣᠭ᠎ᠠ︵FIFA︶ ᠶᠢᠨ ᠣᠨ ᠤ ᠰᠢᠯᠢᠳᠡᠭ ᠦᠳ ᠢ ᠰᠢᠯᠭᠠᠷᠠᠭᠤᠯᠬᠤ FIFA BEST ᠱᠠᠩᠨᠠᠯ ᠭᠠᠷᠳᠠᠭᠤᠯᠬᠤ ᠶᠣᠰᠣᠯᠠᠯ ᠤᠨ ᠠᠵᠢᠯᠯᠠᠭᠠᠨ ᠳᠤ ᠭᠡᠰᠢᠭᠦᠨ ᠬᠣᠯᠪᠣᠭᠠᠳ ᠤᠨ ᠡᠷᠡᠭᠲᠡᠢ ᠪᠣᠯᠤᠨ ᠡᠮᠡᠭᠲᠡᠢ ᠰᠢᠭᠰᠢᠭᠡ ᠪᠠᠭ ᠤᠨ ᠠᠬᠠᠯᠠᠬᠤ ᠳᠠᠰᠬᠠᠯᠵᠢᠭᠤᠯᠤᠭᠴᠢ ᠪᠣᠯᠤᠨ ᠠᠬᠠᠯᠠᠭᠴᠢ ᠨᠠᠷ ᠰᠠᠨᠠᠯ ᠢᠶᠠᠨ ᠥᠭᠳᠡᠭ ᠪᠢᠯᠡ᠃ ᠥᠩᠭᠡᠷᠡᠭᠰᠡᠨ ᠵᠢᠯ ᠡᠴᠡ ᠡᠬᠢᠯᠡᠨ ᠣᠯᠠᠨ ᠤᠯᠤᠰ ᠤᠨ ᠬᠥᠯ ᠪᠥᠮᠪᠥᠭᠡ ᠶᠢᠨ ᠬᠣᠯᠪᠣᠭ᠎ᠠ ᠡᠴᠡ ᠲᠤᠰᠬᠠᠶᠢᠯᠠᠨ ᠭᠠᠷᠭᠠᠭᠰᠠᠨ ᠭᠠᠷ ᠤᠲᠠᠰᠤᠨ ᠤ APP ᠢᠶᠠᠷ ᠰᠠᠨᠠᠯ ᠥᠭᠴᠦ ᠡᠬᠢᠯᠡᠭᠰᠡᠨ᠃
ᠲᠡᠭᠡᠪᠡᠯ ᠮᠣᠩᠭᠣᠯ ᠤᠨ ᠡᠷᠡᠭᠲᠡᠢ ᠦᠨᠳᠦᠰᠦᠨ ᠦ ᠰᠢᠭᠰᠢᠭᠡ ᠪᠠᠭ ᠤᠨ ᠠᠬᠠᠯᠠᠬᠤ ᠳᠠᠰᠬᠠᠯᠵᠢᠭᠤᠯᠤᠭᠴᠢ ᠮᠠᠰᠸ ᠱᠦ᠋ᠢᠴᠢ ᠪᠣᠯᠤᠨ ᠪᠠᠭ ᠤᠨ ᠠᠬᠠᠯᠠᠭᠴᠢ ᠬ∙ᠴᠡᠨᠳᠡ-ᠠᠶᠤᠱᠢ᠂ ᠡᠮᠡᠭᠲᠡᠶᠢᠴᠦᠳ ᠦᠨ ᠦᠨᠳᠦᠰᠦᠨ ᠦ ᠰᠢᠭᠰᠢᠭᠡ ᠪᠠᠭ ᠤᠨ ᠠᠬᠠᠯᠠᠬᠤ ᠳᠠᠰᠬᠠᠯᠵᠢᠭᠤᠯᠤᠭᠴᠢ ᠡ᠊ ∙ ᠡᠷᠳᠡᠨᠢᠪᠠᠲᠤ᠂ ᠪᠠᠭ ᠤᠨ ᠳᠡᠳ᠋ ᠠᠬᠠᠯᠠᠭᠴᠢ ᠠ᠊∙ᠠᠯᠲᠠᠨᠲᠤᠶᠠᠭ᠎ᠠ ᠨᠠᠷ ᠣᠨ ᠤ ᠰᠢᠯᠢᠳᠡᠭ ᠬᠠᠭᠠᠯᠭᠠᠴᠢ᠂ ᠲᠣᠭᠯᠠᠭᠴᠢ ᠪᠣᠯᠤᠨ ᠳᠠᠰᠬᠠᠯᠵᠢᠭᠤᠯᠤᠭᠴᠢ ᠨᠠᠷ ᠲᠤ ᠲᠤᠰ ᠪᠦᠷᠢ ᠭᠤᠷᠪᠠᠨ ᠬᠦᠮᠦᠨ ᠳᠦ ᠰᠠᠨᠠᠯ ᠢᠶᠠᠨ ᠥᠭᠭᠦᠯ᠎ᠡ᠃
ᠲᠤᠰ FIFA BEST ᠱᠠᠩᠨᠠᠯ ᠭᠠᠷᠳᠠᠭᠤᠯᠬᠤ ᠶᠣᠰᠣᠯᠠᠯ ᠤᠨ ᠦᠢᠯᠡ ᠠᠵᠢᠯᠯᠠᠭ᠎ᠠ ᠴᠠᠬᠢᠮ ᠬᠡᠯᠪᠡᠷᠢ ᠪᠡᠷ ᠢᠷᠡᠬᠦ 2022 ᠣᠨ ᠤ ᠨᠢᠭᠡᠳᠦᠭᠡᠷ ᠰᠠᠷ᠎ᠠ ᠶᠢᠨ 17  ᠳᠦ ᠪᠣᠯᠬᠤ ᠶᠤᠮ᠃

ᠰᠡᠳᠬᠢᠭᠳᠡᠯ ᠦᠯᠡᠳᠡᠭᠡᠬᠦ