ᠤᠭ᠍ᠶᠤᠲᠤᠯᠤᠭᠠᠢ ᠶᠢᠨ ᠭᠦᠨ ᠦ ᠠᠭᠤᠷᠬᠠᠢ  ᠶᠢᠨ ᠨᠡᠮᠡᠯᠲᠡ ᠵᠠᠷᠤᠳᠠᠯ ᠢ ᠪᠠᠲᠤᠯᠠᠵᠠᠢ | News.MN

ᠤᠭ᠍ᠶᠤᠲᠤᠯᠤᠭᠠᠢ ᠶᠢᠨ ᠭᠦᠨ ᠦ ᠠᠭᠤᠷᠬᠠᠢ  ᠶᠢᠨ ᠨᠡᠮᠡᠯᠲᠡ ᠵᠠᠷᠤᠳᠠᠯ ᠢ ᠪᠠᠲᠤᠯᠠᠵᠠᠢ

ᠮᠣᠩᠭᠣᠯ ᠤᠨ ᠵᠠᠰᠠᠭ ᠤᠨ ᠭᠠᠵᠠᠷ ᠲᠠᠢ ᠬᠢᠵᠦ ᠪᠤᠢ ᠬᠡᠯᠡᠯᠴᠡᠭᠡᠷ ᠲᠦ ᠨᠠᠭᠠᠰᠢᠲᠠᠢ ᠦᠷ᠎ᠡ ᠳ᠋ᠦᠩ ᠭᠠᠷᠤᠭᠰᠠᠨ ᠲᠠᠯ᠎ᠠ ᠪᠠᠷ ᠲᠤᠷᠺᠤᠢᠽ ᠾᠢᠯᠯ ᠷᠧᠰᠤᠷᠰ ᠺᠣᠮᠫᠠᠨᠢ ᠮᠡᠳᠡᠭᠳᠡᠵᠦ᠂ ᠤᠭ᠍ᠶᠤᠲᠤᠯᠤᠭᠠᠢ ᠺᠣᠮᠫᠠᠨᠢ ᠶᠢᠨ ᠲᠥᠯᠥᠭᠡᠯᠡᠨ ᠤᠳᠤᠷᠢᠳᠬᠤ ᠵᠥᠪᠯᠡᠯ ᠭᠦᠨ ᠦ ᠠᠭᠤᠷᠬᠠᠢ ᠶᠢᠨ ᠲᠥᠰᠥᠯ ᠢ ᠦᠷᠭᠦᠯᠵᠢᠯᠡᠭᠦᠯᠬᠦ ᠳᠦ ᠱᠠᠭᠠᠷᠳᠠᠯᠭ᠎ᠠ ᠲᠠᠢ ᠰᠠᠩᠬᠦᠦᠵᠢᠯᠲᠡᠡᠴᠡ ᠲᠣᠳᠣᠷᠬᠠᠢ ᠬᠡᠰᠡᠭ ᠪᠣᠯᠬᠤ 75 ᠰᠠᠶ᠎ᠠ ᠳ᠋ᠣᠯᠯᠠᠷ ᠢ ᠪᠠᠲᠤᠯᠠᠭᠰᠠᠨ ᠢ ᠵᠠᠷᠯᠠᠯ᠎ᠠ᠃
ᠢᠩᠭᠢᠭᠰᠡᠨ ᠢᠶᠡᠷ ᠭᠦᠨ ᠦ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠵᠣᠭᠰᠣᠯᠲᠠ ᠦᠭᠡᠢ ᠦᠷᠭᠦᠯᠵᠢᠯᠡᠬᠦ ᠨᠥᠬᠥᠴᠡᠯ ᠪᠥᠷᠢᠳᠴᠦ ᠪᠠᠶᠢᠭ᠎ᠠ ᠪᠥᠭᠡᠳ 2022 ᠣᠨ ᠤ ᠨᠢᠭᠡᠳᠦᠭᠡᠷ ᠰᠠᠷ᠎ᠠ ᠶᠢᠨ ᠳᠤᠮᠳᠠ ᠬᠦᠷᠲᠡᠯ᠎ᠡ ᠳᠠᠯᠳᠠ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠶᠢ ᠦᠷᠭᠦᠯᠵᠢᠯᠡᠭᠦᠯᠦᠨ᠎ᠡ ᠬᠡᠮᠡᠨ ᠦᠵᠡᠵᠦ ᠪᠠᠶᠢᠨ᠎ᠠ᠃ ᠴᠢᠨᠠᠭᠰᠢᠳᠠ ᠭᠦᠨ ᠦ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠳᠤ ᠬᠡᠷᠡᠭ ᠲᠡᠢ ᠲᠥᠰᠥᠪ ᠢ ᠪᠠᠲᠤᠯᠠᠬᠤ ᠰᠢᠢᠳᠪᠦᠷᠢ ᠶᠢ ᠣᠶᠢᠷ᠎ᠠ ᠶᠢᠨ ᠬᠤᠭᠤᠴᠠᠭᠠᠨ ᠳᠤ ᠬᠢᠬᠦ ᠱᠠᠭᠠᠷᠳᠠᠯᠭ᠎ᠠ ᠲᠠᠢ ᠪᠥᠭᠡᠳ ᠨᠠᠭᠠᠰᠢ ᠲᠠᠢ ᠰᠢᠢᠳᠦᠭᠳᠡᠨ᠎ᠡ ᠭᠡᠰᠡᠨ ᠬᠦᠯᠢᠶᠡᠯᠲᠡ ᠲᠡᠢ ᠪᠠᠶᠢᠭ᠎ᠠ ᠲᠠᠯ᠎ᠠ ᠪᠠᠷ ᠲᠡᠳᠡ ᠮᠡᠳᠡᠭᠳᠡᠯ ᠳᠦ ᠪᠡᠨ ᠳᠤᠷᠠᠳᠴᠠᠢ᠃

ᠰᠡᠳᠬᠢᠭᠳᠡᠯ ᠦᠯᠡᠳᠡᠭᠡᠬᠦ