《ᠭᠤᠷᠪᠠᠨᠲᠡᠰ》ᠲᠥᠰᠥᠯ ᠦᠨ ᠪᠠᠶᠢᠭᠠᠯᠢ ᠣᠷᠴᠢᠨ ᠤ ᠨᠥᠯᠥᠭᠡᠯᠡᠯ ᠦᠨ ᠦᠨᠡᠯᠡᠭᠡ ᠶᠢ ᠬᠢᠵᠦ ᠪᠠᠢᠨ᠎ᠠ | News.MN

《ᠭᠤᠷᠪᠠᠨᠲᠡᠰ》ᠲᠥᠰᠥᠯ ᠦᠨ ᠪᠠᠶᠢᠭᠠᠯᠢ ᠣᠷᠴᠢᠨ ᠤ ᠨᠥᠯᠥᠭᠡᠯᠡᠯ ᠦᠨ ᠦᠨᠡᠯᠡᠭᠡ ᠶᠢ ᠬᠢᠵᠦ ᠪᠠᠢᠨ᠎ᠠ

ᠠᠦᠢᠰᠲᠷᠠᠯᠢᠶ᠎ᠠ ᠶᠢᠨ ᠬᠥᠷᠥᠩᠭᠡ ᠶᠢᠨ ᠪᠢᠷᠵᠢ ᠳᠦ ᠪᠦᠷᠢᠳᠬᠡᠯ ᠲᠡᠢ Talon Energy ᠺᠣᠮᠫᠠᠨᠢ 《ᠭᠤᠷᠪᠠᠨᠲᠡᠰ》ᠲᠥᠰᠥᠯ ᠦᠨ ᠦᠢᠯᠡ ᠠᠵᠢᠯᠯᠠᠭᠠᠨ ᠤ ᠪᠠᠨ ᠲᠠᠯ᠎ᠠ ᠪᠠᠷ ᠲᠠᠨᠢᠯᠴᠠᠭᠤᠯᠤᠯ᠎ᠠ᠃ ᠲᠤᠰ ᠺᠣᠮᠫᠠᠨᠢ ᠡᠮᠦᠨᠡᠭᠣᠪᠢ ᠠᠶᠢᠮᠠᠭ ᠤᠨ ᠭᠤᠷᠪᠠᠨᠲᠡᠰ᠂ ᠨᠣᠶᠠᠨ ᠰᠤᠮᠤ  ᠶᠢᠨ ᠨᠤᠲᠤᠭ ᠲᠤ ᠨᠡᠭᠦᠷᠡᠰᠦᠨ ᠦ ᠳᠠᠪᠬᠤᠷᠭ᠎ᠠ ᠶᠢᠨ ᠮᠧᠲ᠋ᠠᠨ ᠬᠡᠢ ᠶᠢᠨ ᠬᠠᠶᠢᠭᠤᠯ ᠬᠢᠬᠦ ᠪᠡᠷ ᠲᠥᠯᠥᠪᠯᠡᠵᠦ ᠪᠠᠶᠢᠭ᠎ᠠ ᠶᠤᠮ᠃ ᠡᠨᠡ ᠬᠦ ᠲᠥᠰᠥᠯ ᠳᠦ ᠬᠠᠮᠲᠤᠷᠠᠵᠤ ᠪᠠᠶᠢᠭ᠎ᠠ《ᠲᠡᠯᠮᠡᠨ ᠷᠧᠰᠤᠷᠰ》ᠺᠣᠮᠫᠠᠨᠢ ᠳᠡᠭᠡᠷᠡᠬᠢ ᠲᠥᠰᠥᠯ ᠦᠨ ᠪᠠᠶᠢᠭᠠᠯᠢ ᠣᠷᠴᠢᠨ ᠤ ᠨᠥᠯᠥᠭᠡᠯᠡᠯ ᠦᠨ ᠦᠨᠡᠯᠡᠭᠡᠨ ᠦ ᠰᠡᠭᠦᠯ ᠦᠨ ᠱᠠᠲᠤ ᠶᠢ ᠡᠬᠢᠯᠡᠭᠦᠯᠦᠭᠰᠡᠨ ᠪᠠᠶᠢᠨ᠎ᠠ᠃ ᠪᠠᠶᠢᠭᠠᠯᠢ ᠣᠷᠴᠢᠨ ᠤ ᠨᠥᠯᠥᠭᠡᠯᠡᠯ ᠦᠨ ᠦᠨᠡᠯᠡᠭᠡ ᠶᠢ ᠪᠠᠲᠤᠯᠠᠭᠰᠠᠨ ᠢᠶᠠᠷ ᠬᠠᠶᠢᠭᠤᠯ ᠤᠨ ᠠᠵᠢᠯ ᠢᠶᠠᠨ ᠡᠬᠢᠯᠡᠭᠦᠯᠬᠦ ᠪᠣᠯᠤᠮᠵᠢ ᠲᠠᠢ ᠪᠣᠯᠤᠨ᠎ᠠ᠃

ᠤᠷᠢᠳᠴᠢᠯᠠᠭᠰᠠᠨ ᠲᠣᠭᠠᠴᠠᠭ᠎ᠠ ᠪᠠᠷ ᠨᠥᠯᠥᠭᠡᠯᠡᠯ ᠦᠨ ᠦᠨᠡᠯᠡᠭᠡ ᠶᠢ ᠢᠷᠡᠬᠦ ᠣᠨ ᠤ ᠨᠢᠭᠡᠳᠦᠭᠡᠷ ᠤᠯᠠᠷᠢᠯ ᠳᠤ ᠪᠠᠲᠤᠯᠠᠵᠤ᠂ ᠬᠠᠶᠢᠭᠤᠯ ᠤᠨ ᠠᠵᠢᠯ ᠣᠨ ᠤ ᠡᠬᠢᠨ ᠦ ᠬᠠᠭᠠᠰ ᠲᠤ ᠡᠬᠢᠯᠡᠬᠦ ᠲᠥᠯᠥᠪᠲᠡᠢ ᠪᠠᠶᠢᠨ᠎ᠠ᠃《ᠲᠡᠯᠮᠡᠨ ᠷᠧᠰᠤᠷᠰ》ᠺᠣᠮᠫᠠᠨᠢ ᠥᠩᠭᠡᠷᠡᠭᠰᠡᠨ ᠳᠣᠯᠣᠳᠤᠭᠠᠷ ᠰᠠᠷ᠎ᠠ ᠳᠤ ᠠᠰᠢᠭᠲᠤ ᠮᠠᠯᠲᠠᠮᠠᠯ᠂ ᠭᠠᠵᠠᠷ ᠤᠨ ᠲᠣᠰᠤᠨ ᠤ ᠭᠠᠵᠠᠷ ᠲᠠᠢ ᠨᠡᠭᠦᠷᠡᠰᠦᠨ ᠦ ᠳᠠᠪᠬᠤᠷᠭ᠎ᠠ ᠶᠢᠨ ᠮᠧᠲ᠋ᠠᠨ ᠬᠡᠢ ᠶᠢᠨ ᠪᠦᠲᠦᠭᠡᠭᠳᠡᠬᠦᠨ ᠬᠤᠪᠢᠶᠠᠬᠤ ᠭᠡᠷ᠎ᠡ ᠶᠢ ᠪᠠᠶᠢᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ