ᠠᠽᠢᠶ᠎ᠠ᠂ ᠨᠣᠮᠣᠬᠠᠨ ᠳᠠᠯᠠᠢ ᠶᠢᠨ ᠫᠠᠷᠯᠠᠮᠧᠨᠲ ᠤᠨ ᠭᠡᠰᠢᠭᠦᠳ ᠦᠨ ᠬᠤᠷᠠᠯ ᠪᠣᠯᠤᠯ᠎ᠠ | News.MN

ᠠᠽᠢᠶ᠎ᠠ᠂ ᠨᠣᠮᠣᠬᠠᠨ ᠳᠠᠯᠠᠢ ᠶᠢᠨ ᠫᠠᠷᠯᠠᠮᠧᠨᠲ ᠤᠨ ᠭᠡᠰᠢᠭᠦᠳ ᠦᠨ ᠬᠤᠷᠠᠯ ᠪᠣᠯᠤᠯ᠎ᠠ

ᠣᠯᠠᠨ ᠤᠯᠤᠰ ᠤᠨ ᠫᠠᠷᠯᠠᠮᠧᠨᠲ  ᠤᠨ ᠬᠣᠯᠪᠣᠭᠠᠨ ᠤ 143 ᠳ᠋ᠤᠭᠠᠷ ᠠᠰᠰᠠᠮᠪᠯᠧᠢ ᠶᠢ ᠲᠣᠬᠢᠶᠠᠯᠳᠤᠭᠤᠯᠤᠨ ᠠᠽᠢᠶ᠎ᠠ᠂ ᠨᠣᠮᠣᠬᠠᠨ ᠳᠠᠯᠠᠢ ᠶᠢᠨ ᠪᠦᠯᠦᠭ ᠦᠨ ᠬᠤᠷᠠᠯ 11 ᠰᠠᠷ᠎ᠠ ᠶᠢᠨ23 ᠤ 16᠄00 ᠴᠠᠭ ᠲᠤ ᠴᠠᠬᠢᠮ ᠢᠶᠠᠷ ᠪᠣᠯᠪᠠ᠃ ᠴᠠᠬᠢᠮ ᠬᠤᠷᠠᠯ ᠳᠤ ᠤᠯᠤᠰ ᠤᠨ ᠶᠡᠬᠡ ᠬᠤᠷᠠᠯ  ᠤᠨ ᠬᠠᠤᠯᠢ ᠵᠦᠢ ᠶᠢᠨ ᠪᠠᠶᠢᠩᠭᠤ ᠶᠢᠨ ᠬᠣᠷᠢᠶᠠᠨ ᠤ ᠳᠠᠷᠤᠭ᠎ᠠ ᠰ∙ᠪᠢᠮᠪᠠᠴᠤᠭᠲᠤ ᠤᠷᠤᠯᠴᠠᠪᠠ᠃ ᠬᠤᠷᠠᠯ ᠢᠶᠠᠷ ᠣᠯᠠᠨ ᠤᠯᠤᠰ ᠤᠨ ᠫᠠᠷᠯᠠᠮᠧᠨᠲ  ᠤᠨ  ᠬᠤᠯᠪᠤᠭᠠᠨ ᠤ ᠭᠦᠢᠴᠡᠳᠭᠡᠬᠦ ᠬᠣᠷᠢᠶᠠᠨ ᠳ᠋ᠡᠬᠢ ᠠᠽᠢᠶ᠎ᠠ ᠨᠣᠮᠣᠬᠠᠨ ᠳᠠᠯᠠᠢ ᠶᠢᠨ ᠪᠥᠰᠡ ᠶᠢᠨ ᠭᠡᠰᠢᠭᠦᠳ ᠦᠨ ᠮᠡᠳᠡᠭᠡᠯᠡᠯ ᠢ АСЕАН+3 ᠪᠦᠯᠦᠭ ᠦᠨ ᠬᠤᠷᠠᠯ ᠤᠨ ᠢᠯᠡᠳᠬᠡᠯ ᠢ ᠰᠣᠨᠣᠰᠴᠤ᠂ 2022 ᠣᠨ ᠠᠴᠠ ᠠᠽᠢᠶ᠎ᠠ᠂ ᠨᠣᠮᠣᠬᠠᠨ ᠳᠠᠯᠠᠢ ᠶᠢᠨ ᠪᠦᠯᠦᠭ ᠢ ᠲᠡᠷᠢᠭᠦᠯᠡᠬᠦ ᠳᠠᠷᠠᠭ᠎ᠠ ᠶᠢᠨ ᠤᠯᠤᠰ ᠢ ᠲᠣᠳᠣᠷᠠᠭᠤᠯᠬᠤ ᠲᠤᠬᠠᠢ ᠬᠡᠯᠡᠯᠴᠡᠪᠡ᠃
ᠮᠥᠨ ᠣᠯᠠᠨ ᠤᠯᠤᠰ ᠤᠨ ᠫᠠᠷᠯᠠᠮᠧᠨᠲ  ᠤᠨ ᠬᠤᠯᠪᠤᠭᠠᠨ ᠤ ᠡᠮᠡᠭᠲᠡᠢ ᠫᠠᠷᠯᠠᠮᠧᠨᠲ ᠤᠨ ᠹᠣᠷᠣᠮ ᠤᠨ ᠵᠥᠪᠯᠡᠯ ᠦᠨ ᠭᠡᠰᠢᠭᠦᠨ ᠳᠦ ᠤᠯᠤᠰ ᠤᠨ ᠶᠡᠬᠡ ᠬᠤᠷᠠᠯ  ᠤᠨ ᠭᠡᠰᠢᠭᠦᠨ ᠴ∙ᠤᠨᠳᠤᠷᠤᠮ᠎ᠠ᠂ ᠣᠯᠠᠨ ᠤᠯᠤᠰ ᠤᠨ ᠫᠠᠷᠯᠠᠮᠧᠨᠲ  ᠤᠨ ᠬᠤᠯᠪᠤᠭᠠᠨ ᠤ ᠭᠤᠷᠪᠠᠳᠤᠭᠠᠷ ᠪᠠᠶᠢᠩᠭᠤ ᠶᠢᠨ ᠬᠣᠷᠢᠶᠠᠨ ᠤ ᠳᠡᠳ᠋ ᠶᠡᠷᠦᠩᠬᠡᠶᠢᠯᠡᠭᠴᠢ ᠳᠦ ᠤᠯᠤᠰ ᠤᠨ ᠶᠡᠬᠡ ᠬᠤᠷᠠᠯ  ᠤᠨ ᠭᠡᠰᠢᠭᠦᠨ ᠪ∙ᠰᠠᠷᠠᠨᠴᠢᠮᠡᠭ ᠢ ᠳᠡᠪᠰᠢᠭᠦᠯᠵᠦ᠂ ᠣᠯᠠᠨ ᠤᠯᠤᠰ ᠤᠨ ᠫᠠᠷᠯᠠᠮᠧᠨᠲ  ᠤᠨ  ᠤᠨ ᠬᠣᠯᠪᠣᠭᠠᠨ ᠤ 143 ᠳ᠋ᠤᠭᠠᠷ ᠠᠰᠰᠠᠮᠪᠯᠧᠢ ᠳᠤ ᠰᠠᠨᠠᠯ ᠪᠣᠯᠭᠠᠬᠤ ᠪᠠᠷ ᠲᠣᠭᠲᠠᠪᠠ ᠬᠡᠮᠡᠨ ᠤᠯᠤᠰ ᠤᠨ ᠶᠡᠬᠡ ᠬᠤᠷᠠᠯ ᠤᠨ ᠬᠡᠪᠯᠡᠯ ᠮᠡᠳᠡᠭᠡᠯᠡᠯ᠂ ᠣᠯᠠᠨ ᠨᠡᠶᠢᠲᠡ ᠲᠡᠢ ᠬᠠᠷᠢᠯᠴᠠᠬᠤ ᠬᠡᠯᠲᠡᠰ ᠡᠴᠡ ᠮᠡᠳᠡᠭᠡᠯᠡᠪᠡ᠃

ᠰᠡᠳᠬᠢᠭᠳᠡᠯ ᠦᠯᠡᠳᠡᠭᠡᠬᠦ