ᠳᠤᠭᠤᠢ ᠲᠠᠢ ᠠᠶᠠᠯᠠᠭᠴᠢᠳ 1700 ᠺᠢᠯᠣᠮᠧᠲ᠋ᠷ ᠵᠠᠮ ᠢ ᠲᠤᠭᠤᠯᠤᠨ ᠡᠮᠦᠨᠡᠭᠣᠪᠢ ᠠᠶᠢᠮᠠᠭ ᠲᠤ ᠢᠷᠡᠵᠡᠢ | News.MN

ᠳᠤᠭᠤᠢ ᠲᠠᠢ ᠠᠶᠠᠯᠠᠭᠴᠢᠳ 1700 ᠺᠢᠯᠣᠮᠧᠲ᠋ᠷ ᠵᠠᠮ ᠢ ᠲᠤᠭᠤᠯᠤᠨ ᠡᠮᠦᠨᠡᠭᠣᠪᠢ ᠠᠶᠢᠮᠠᠭ ᠲᠤ ᠢᠷᠡᠵᠡᠢ

ᠬᠣᠪᠳᠣ ᠠᠶᠢᠮᠠᠭ ᠤᠨᠴᠠᠮᠪᠠᠭᠠᠷᠪᠤ ᠠᠭᠤᠯᠠ ᠠᠴᠠ ᠭᠠᠷᠤᠭ᠎ᠠ ᠪᠠᠨ ᠡᠬᠢᠯᠡᠭᠦᠯᠦᠭᠰᠡᠨ ᠭ∙ᠡᠷᠳᠡᠨᠢᠪᠠᠶᠠᠷ᠂ ᠳ∙ᠳᠠᠸᠠᠵᠢᠷᠭᠠᠯ 33 ᠬᠣᠨᠣᠭ ᠤᠨ ᠲᠤᠷᠰᠢ 1700 ᠺᠢᠯᠣᠮᠧᠲ᠋ᠷ ᠵᠠᠮ ᠢ ᠵᠥᠪᠬᠡᠨ ᠳᠤᠭᠤᠢ ᠪᠠᠷ ᠠᠶᠠᠯᠠᠵᠤ᠂ ᠡᠮᠦᠨᠡᠭᠣᠪᠢ ᠠᠶᠢᠮᠠᠭ ᠤᠨ ᠲᠥᠪ ᠳᠠᠯᠠᠨᠵᠠᠳᠠᠭᠠᠢᠲᠤ ᠳᠤ ᠢᠷᠡᠵᠡᠢ᠃ ᠲᠡᠳᠡ《ᠡᠷᠡᠭᠦᠯ ᠬᠦᠮᠦᠨ ᠡᠷᠡᠭᠦᠯ ᠬᠦᠨᠡᠰᠦ》ᠭᠡᠰᠡᠨ ᠤᠷᠢᠶ᠎ᠠ ᠲᠠᠢ ᠶᠤᠮ᠃

ᠭ∙ᠡᠷᠳᠡᠨᠢᠪᠠᠶᠠᠷ᠄ 1700 ᠺᠢᠯᠣᠮᠧᠲ᠋ᠷ ᠵᠠᠮ ᠢ  ᠲᠤᠭᠤᠯᠬᠤ ᠳᠤ ᠪᠠᠨ ᠵᠣᠷᠢᠯᠭ᠎ᠠ ᠲᠠᠢ ᠠᠮᠢᠳᠤᠷᠠᠯ ᠵᠠᠯᠠᠭᠤ ᠬᠦᠮᠦᠰ ᠲᠦ ᠶᠠᠮᠠᠷ ᠶᠡᠬᠡ ᠬᠡᠷᠡᠭᠲᠡᠢ᠂ ᠬᠦᠮᠦᠨ ᠡᠷᠡᠭᠦᠯ ᠪᠠᠶᠢᠬᠤ ᠶᠠᠮᠠᠷ ᠶᠡᠬᠡ ᠬᠡᠷᠡᠭᠲᠡᠢ ᠶᠢ ᠣᠶᠢᠯᠠᠭᠠᠵᠤ ᠤᠬᠠᠭᠠᠷᠠᠵᠤ ᠶᠠᠪᠤᠨ᠎ᠠ ᠭᠡᠯ᠎ᠡ᠃ ᠳ∙ᠳᠠᠸᠠᠵᠢᠷᠭᠠᠯ᠄ ᠴᠠᠷ᠎ᠠ ᠲᠠᠬᠤᠯ ᠤᠨ ᠦᠶ᠎ᠡ ᠳᠦ ᠮᠠᠰᠢ ᠶᠡᠬᠡ ᠪᠤᠬᠢᠨᠢᠲᠤᠭᠰᠠᠨ᠃ ᠡᠭᠦᠨ ᠡᠴᠡ ᠪᠡᠨ ᠰᠠᠯᠬᠤ ᠶᠢᠨ ᠲᠤᠯᠠᠳᠠ ᠳᠤᠭᠤᠢ ᠶᠢᠨ ᠠᠶᠠᠯᠠᠯ ᠳᠤ ᠭᠠᠷᠤᠭᠰᠠᠨ᠃ ᠪᠢᠳᠡᠨ ᠦ ᠠᠶᠠᠯᠠᠯ ᠤᠨ ᠭᠣᠣᠯ ᠵᠣᠷᠢᠯᠭ᠎ᠠ ᠡᠷᠡᠭᠦᠯ ᠬᠦᠮᠦᠨ᠂ ᠡᠷᠡᠭᠦᠯ ᠬᠦᠨᠡᠰᠦ᠃ ᠡᠨᠡ ᠨᠢ ᠡᠪᠡᠳᠳᠡᠭ ᠦᠭᠡᠢ ᠬᠦᠮᠦᠨ ᠢ ᠡᠷᠡᠭᠦᠯ ᠭᠡᠬᠦ ᠦᠭᠡᠢ᠂ ᠪᠡᠶ᠎ᠡ ᠮᠠᠬᠠᠪᠣᠳ ᠠᠴᠠ ᠭᠠᠳᠠᠨ᠎ᠠ ᠣᠶᠤᠨ ᠰᠠᠨᠠᠭ᠎ᠠ ᠨᠢ ᠬᠦᠷᠲᠡᠯ᠎ᠡ ᠡᠷᠡᠭᠦᠯ ᠪᠠᠶᠢᠬᠤ ᠬᠡᠷᠡᠭ ᠲᠡᠢ ᠶᠢ ᠢᠷᠭᠡᠳ ᠲᠦ ᠪᠡᠨ ᠤᠷᠢᠶᠠᠯᠠᠵᠤ ᠪᠠᠶᠢᠨ᠎ᠠ᠃ ᠮᠥᠨ ᠡᠷᠡᠭᠦᠯ ᠬᠦᠨᠡᠰᠦ ᠨᠢ ᠮᠣᠩᠭᠣᠯ ᠭᠠᠵᠠᠷ ᠤᠨ ᠬᠥᠷᠦᠭᠰᠡᠨ ᠳᠦ ᠲᠠᠷᠢᠵᠤ ᠤᠷᠭᠤᠭᠤᠯᠤᠭᠰᠠᠨ ᠬᠦᠨᠡᠰᠦ ᠶᠤᠮ᠃ ᠪᠢᠳᠡ ᠵᠠᠮ ᠢᠶᠠᠷ ᠢᠶᠠᠨ ᠣᠯᠠᠨ ᠬᠥᠳᠡᠯᠮᠦᠷᠢᠴᠢ ᠬᠦᠮᠦᠰ ᠲᠡᠢ ᠠᠭᠤᠯᠵᠠᠯ᠎ᠠ᠃ ᠪᠠᠬᠠᠷᠬᠠᠯ ᠲᠠᠢ ᠰᠠᠨᠠᠭᠳᠠᠵᠤ ᠪᠠᠶᠢᠨ᠎ᠠ ᠭᠡᠯ᠎ᠡ᠃ ᠲᠡᠳᠡ ᠳᠣᠷᠣᠨᠠᠲᠤ ᠠᠶᠢᠮᠠᠭ ᠤᠨ ᠬᠠᠯᠬ᠎ᠠ ᠭᠣᠣᠯ ᠰᠤᠮᠤ ᠶᠢᠨ ᠪᠤᠶᠢᠷ ᠨᠠᠭᠤᠷ ᠲᠤ ᠬᠦᠷᠴᠦ ᠤᠭ ᠠᠶᠠᠯᠠᠯ ᠢᠶᠠᠨ ᠳᠠᠭᠤᠰᠬᠠᠨ᠎ᠠ᠃

ᠰᠡᠳᠬᠢᠭᠳᠡᠯ ᠦᠯᠡᠳᠡᠭᠡᠬᠦ