ᠳ∙ᠲᠦᠷᠦᠮᠦ᠋ᠩᠬᠡ ᠠᠮᠰᠲ᠋ᠧᠷᠳᠠᠮ ᠤᠨ ᠺᠢᠨᠣ᠋ ᠨᠠᠭᠠᠳᠤᠮ ᠳᠤ ᠤᠷᠢᠭᠳᠠᠵᠠᠢ | News.MN

ᠳ∙ᠲᠦᠷᠦᠮᠦ᠋ᠩᠬᠡ ᠠᠮᠰᠲ᠋ᠧᠷᠳᠠᠮ ᠤᠨ ᠺᠢᠨᠣ᠋ ᠨᠠᠭᠠᠳᠤᠮ ᠳᠤ ᠤᠷᠢᠭᠳᠠᠵᠠᠢ

ᠵᠣᠬᠢᠶᠠᠯᠴᠢ᠂ ᠰᠡᠳᠬᠦᠯᠴᠢ᠂ ᠨᠠᠶᠢᠷᠠᠭᠤᠯᠤᠭᠴᠢ ᠳ∙ᠲᠦᠷᠦᠮᠦ᠋ᠩᠬᠡ᠂ ᠨᠠᠶᠢᠷᠠᠭᠤᠯᠤᠭᠴᠢ᠂ ᠵᠣᠬᠢᠶᠠᠯᠴᠢ ᠫᠢᠲ᠋ᠧᠷ ᠪᠷᠣᠰᠧᠨᠰ ᠨᠠᠷ ᠤᠨ ᠬᠠᠮᠲᠤᠷᠠᠭᠰᠠᠨ《ᠨᠣᠬᠠᠢ ᠶᠢᠨ ᠣᠷᠣᠨ》ᠪᠠᠷᠢᠮᠲᠠᠲᠤ ᠺᠢᠨᠣ᠋ ᠠᠮᠰᠲ᠋ᠧᠷᠳᠠᠮ ᠤᠨ ᠺᠢᠨᠣ᠋ ᠨᠠᠭᠠᠳᠤᠮ ᠤᠨ《ᠪᠠᠷᠢᠮᠲᠠᠲᠤ ᠺᠢᠨᠤ᠋ ᠶᠢᠨ ᠢᠷᠡᠭᠡᠳᠦᠢ ᠶᠢᠨ ᠲᠥᠯᠥᠪ》ᠬᠡᠰᠡᠭ ᠲᠦ ᠱᠠᠩᠨᠠᠯᠲᠤ᠂ ᠥᠪᠡᠷᠮᠢᠴᠡ ᠬᠢᠴᠡ ᠲᠡᠢ 10 ᠺᠢᠨᠤ᠋ ᠶᠢᠨ ᠬᠠᠮᠲᠤ ᠰᠢᠯᠭᠠᠷᠠᠵᠠᠢ᠃ 23 ᠵᠢᠯ ᠦᠨ ᠡᠮᠦᠨ᠎ᠡ ᠪᠦᠲᠦᠭᠡᠭᠰᠡᠨ ᠤᠭ ᠺᠢᠨᠤ᠋ ᠶᠢ ᠺᠢᠨᠣ᠋ ᠨᠠᠭᠠᠳᠤᠮ ᠤᠨ ᠦᠶ᠎ᠡ ᠪᠡᠷ ᠦᠵᠡᠭᠦᠯᠵᠦ᠂ ᠳᠠᠷᠠᠭ᠎ᠠ ᠨᠢ ᠤᠷᠠᠨ ᠪᠦᠲᠦᠭᠡᠯᠴᠢᠳ ᠲᠡᠢ ᠶᠠᠷᠢᠯᠴᠠᠬᠤ ᠠᠭᠤᠯᠵᠠᠯᠲᠠ ᠪᠣᠯᠬᠤ ᠤᠴᠢᠷ ᠨᠠᠭᠠᠳᠤᠮ ᠢ ᠵᠣᠬᠢᠶᠠᠨ ᠪᠠᠶᠢᠭᠤᠯᠤᠭᠴᠢᠳ  ᠨᠢ ᠳ∙ᠲᠦᠷᠦᠮᠦ᠋ᠩᠬᠡ ᠪᠣᠯᠤᠨ ᠫᠢᠲ᠋ᠧᠷ ᠪᠷᠣᠰᠧᠨᠰ  ᠢ ᠤᠷᠢᠭᠰᠠᠨ ᠪᠠᠶᠢᠨ᠎ᠠ᠃
1998 ᠣᠨ ᠳᠤ ᠮᠣᠩᠭᠣᠯ᠂ ᠪᠸᠯᠭᠢ ᠶᠢᠨ ᠬᠠᠮᠲᠤᠷᠠᠨ ᠪᠦᠲᠦᠭᠡᠭᠰᠡᠨ ᠲᠤᠰ ᠺᠢᠨᠣ᠋ ᠨᠢ 1998 ᠣᠨ ᠤ ᠸᠧᠨᠧᠼ ᠤᠨ ᠺᠢᠨᠣ᠋ ᠨᠠᠭᠠᠳᠤᠮ᠂  ᠲᠤᠷᠤᠨᠲ᠋ᠤ᠋ ᠶᠢᠨ ᠣᠯᠠᠨ ᠤᠯᠤᠰ ᠤᠨ ᠺᠢᠨᠣ᠋ ᠨᠠᠭᠠᠳᠤᠮ ᠵᠡᠷᠭᠡ ᠳᠦ ᠣᠷᠣᠯᠴᠠᠵᠤ᠂ 1998-2000 ᠣᠨ ᠤ ᠬᠣᠭᠣᠷᠣᠨᠳᠣ 23 ᠱᠠᠩᠨᠠᠯ  ᠬᠦᠷᠲᠡᠭᠰᠡᠨ ᠡᠴᠡ ᠶᠢᠰᠦ ᠨᠢ ᠭᠷᠡᠨᠫᠡᠷᠢ ᠱᠠᠩᠨᠠᠯ ᠶᠤᠮ᠃

ᠰᠡᠳᠬᠢᠭᠳᠡᠯ ᠦᠯᠡᠳᠡᠭᠡᠬᠦ