ᠮᠣᠩᠭᠣᠯ ᠵᠥᠭᠡᠢ ᠶᠢᠨ ᠪᠠᠯ ᠢ ᠬᠢᠲᠠᠳ᠂ ᠶᠠᠫᠣᠨ᠂ ᠭᠧᠷᠮᠠᠨ ᠳᠤ ᠡᠺᠰᠫᠣᠷᠲᠯᠠᠨ᠎ᠠ | News.MN

ᠮᠣᠩᠭᠣᠯ ᠵᠥᠭᠡᠢ ᠶᠢᠨ ᠪᠠᠯ ᠢ ᠬᠢᠲᠠᠳ᠂ ᠶᠠᠫᠣᠨ᠂ ᠭᠧᠷᠮᠠᠨ ᠳᠤ ᠡᠺᠰᠫᠣᠷᠲᠯᠠᠨ᠎ᠠ

ᠵᠥᠭᠡᠢ ᠶᠢᠨ ᠪᠠᠯᠠᠨ ᠤ ᠪᠣᠯᠪᠠᠰᠤᠷᠠᠭᠤᠯᠤᠯᠲᠠ᠂ ᠪᠣᠷᠣᠯᠠᠭᠤᠯᠤᠯᠲᠠ᠂ ᠡᠺᠰᠫᠣᠷᠲ ᠢ ᠳᠡᠮᠵᠢᠬᠦ 《Honey week Mongolia》 7 ᠬᠣᠨᠣᠭ ᠤᠨ ᠠᠶᠠᠨ ᠦᠷᠭᠦᠯᠵᠢᠯᠡᠵᠦ᠂ ᠵᠥᠭᠡᠢ ᠶᠢᠨ ᠠᠵᠤ ᠠᠬᠤᠢ ᠡᠷᠬᠡᠯᠡᠭᠴᠢ ᠨᠠᠷ ᠲᠤ ᠵᠣᠷᠢᠭᠤᠯᠤᠭᠰᠠᠨ ᠵᠥᠭᠡᠢ ᠶᠢᠨ ᠪᠠᠯ ᠤᠨ ᠪᠣᠯᠪᠠᠰᠤᠷᠠᠭᠤᠯᠤᠯᠲᠠ᠂ ᠡᠺᠰᠫᠣᠷᠲ ᠤᠨ ᠴᠢᠨᠠᠷ ᠰᠲ᠋ᠠᠨᠳᠠᠷᠲ ᠤᠨ ᠲᠠᠯ᠎ᠠ ᠪᠠᠷ ᠵᠥᠪᠯᠡᠵᠦ᠂ ᠪᠣᠷᠣᠯᠠᠭᠤᠯᠤᠯᠲᠠ᠂ ᠬᠠᠮᠲᠤ ᠶᠢᠨ ᠠᠵᠢᠯᠯᠠᠭᠠᠨ ᠤ ᠠᠭᠤᠯᠵᠠᠯᠲᠠ ᠶᠢ ᠵᠣᠬᠢᠶᠠᠨ ᠪᠠᠶᠢᠭᠤᠯᠵᠤ ᠪᠠᠶᠢᠨ᠎ᠠ᠃

ᠮᠠᠨ ᠤ ᠤᠯᠤᠰ ᠲᠤ ᠵᠥᠭᠡᠢ ᠶᠢᠨ ᠪᠠᠯ ᠤᠨ ᠦᠢᠯᠡᠳᠪᠦᠷᠢᠯᠡᠯ ᠡᠷᠬᠢᠯᠡᠭᠴᠢᠳ ᠦᠨ ᠺᠯᠠᠰᠲ᠋ᠸᠷ ᠢ ᠪᠠᠶᠢᠭᠤᠯᠬᠤ ᠪᠠᠷ ᠪᠣᠯᠤᠭᠰᠠᠨ ᠢ ᠮᠣᠩᠭᠣᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠦᠷᠢ ᠶᠢᠨ ᠲᠠᠩᠬᠢᠮ ᠤᠨ ᠰ ∙ ᠪᠠᠶᠠᠰᠬᠤᠯᠠᠩ ᠮᠡᠳᠡᠭᠡᠯᠡᠯ᠎ᠡ᠃ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠬᠥᠬᠡ ᠬᠤᠲᠠ ᠳᠤ ᠪᠠᠶᠢᠭᠤᠯᠵᠤ ᠪᠤᠢ 《ᠮᠣᠩᠭᠣᠯ ᠳᠤ ᠦᠢᠯᠡᠳᠪᠦᠷᠢᠯᠡᠪᠡ》ᠲᠥᠪ ᠢᠶᠡᠷ ᠳᠠᠮᠵᠢᠭᠤᠯᠤᠨ᠂ ᠵᠥᠭᠡᠢ ᠶᠢᠨ ᠪᠠᠯ ᠡᠺᠰᠫᠤᠷᠲᠯᠤᠬᠤ᠂  ᠭᠸᠷᠮᠡᠨ ᠦ ᠪᠧᠷᠯᠢᠨ ᠬᠤᠲᠠ ᠳᠤ ᠨᠡᠭᠡᠭᠡᠭᠳᠡᠨ ᠠᠵᠢᠯᠯᠠᠵᠤ ᠪᠤᠢ 《ᠮᠣᠩᠭᠣᠯ ᠤᠨ ᠪᠢᠽᠢᠨᠧᠰ ᠮᠡᠳᠡᠭᠡᠯᠡᠯ ᠬᠤᠳᠠᠯᠳᠤᠭ᠎ᠠ ᠶᠢ ᠳᠡᠮᠵᠢᠬᠦ ᠲᠥᠪ》 ᠢᠶᠡᠷ ᠮᠥᠨ ᠳᠠᠮᠵᠢᠭᠤᠯᠤᠨ ᠰᠤᠷᠲᠠᠯᠴᠢᠯᠠᠨ ᠲᠠᠨᠢᠯᠴᠠᠭᠤᠯᠵᠤ ᠬᠤᠳᠠᠯᠳᠤᠬᠤ ᠪᠣᠯᠤᠮᠵᠢ ᠲᠠᠢ ᠪᠣᠯᠵᠤ ᠪᠤᠢ ᠶᠢ ᠲᠡᠷᠡ ᠪᠡᠷ ᠳᠤᠭᠤᠯᠭᠠᠪᠠ᠃

ᠰᠡᠳᠬᠢᠭᠳᠡᠯ ᠦᠯᠡᠳᠡᠭᠡᠬᠦ