Pentwater Capital Management ᠺᠣᠮᠫᠠᠨᠢ ᠶᠢᠨ ᠭᠦᠢᠴᠡᠳᠭᠡᠬᠦ ᠵᠠᠬᠢᠷᠤᠯ ᠳᠠᠬᠢᠨ ᠨᠡᠭᠡᠭᠡᠯᠲᠡ ᠲᠡᠢ ᠵᠠᠬᠢᠳᠠᠯ ᠢᠯᠡᠭᠡᠭᠰᠡᠨ ᠪᠠᠶᠢᠨ᠎ᠠ᠃ ᠡᠨᠡ ᠤᠳᠠᠭ᠎ᠠ ᠳᠤ Rio Tinto ᠦᠨ ᠲᠥᠯᠥᠭᠡᠯᠡᠨ ᠤᠳᠤᠷᠢᠳᠬᠤ ᠵᠥᠪᠯᠡᠯ ᠦᠨ ᠬᠠᠷᠢᠶᠠᠲᠤ ᠪᠤᠰᠤ ᠭᠡᠰᠢᠭᠦᠨ ᠪᠧᠨ ᠸᠠᠶᠠᠲᠲ᠋ᠠ ᠳᠤ ᠬᠠᠶ᠋ᠢᠭᠯᠠᠵᠠᠢ᠃
ᠲᠡᠷᠡᠪᠡᠷ᠄ ᠮᠣᠩᠭᠣᠯ ᠤᠯᠤᠰ ᠤᠨ ᠵᠠᠰᠠᠭ ᠤᠨ ᠭᠠᠵᠠᠷ ᠤᠨ 1.6 ᠲᠡᠷᠪᠤᠮ ᠳ᠋ᠣᠯᠯᠠᠷ ᠤᠨ ᠥᠷᠢ ᠨᠢ Turquoise Hill Resources ᠳᠦ ᠥᠭᠬᠦ ᠶᠣᠰᠣᠲᠠᠢ ᠥᠷᠢ᠃ ᠭᠡᠲᠡᠯ᠎ᠡ ᠡᠭᠦᠨ ᠢ ᠡᠮᠦᠨ᠎ᠡ ᠡᠴᠡ ᠨᠢ ᠥᠷᠥᠰᠢᠶᠡᠬᠦ ᠪᠤᠶᠤ《ᠲᠢᠭᠯᠡᠬᠦ》 ᠰᠢᠢᠳᠪᠦᠷᠢ ᠭᠠᠷᠭᠠᠭᠰᠠᠨ ᠨᠢ ᠪᠠᠶᠢᠵᠤ ᠪᠣᠯᠬᠤ ᠦᠭᠡᠢ ᠵᠦᠢᠯ ᠭᠡᠳᠡᠭ ᠢ ᠵᠠᠬᠢᠳᠠᠯ ᠳᠤ ᠪᠠᠨ ᠳᠤᠷᠠᠳᠤᠭᠰᠠᠨ ᠪᠠᠶᠢᠨ᠎ᠠ᠃ ᠤᠴᠢᠷ ᠨᠢ ᠤᠭ᠍ᠶᠤᠲᠤᠯᠤᠭᠠᠢ ᠶᠢᠨ ᠳᠠᠯᠳᠠ ᠠᠭᠤᠷᠬᠠᠢ ᠶᠢᠨ ᠵᠠᠷᠤᠳᠠᠯ ᠤᠨ ᠬᠡᠲᠦᠷᠡᠯᠲᠡ Rio Tinto ᠦᠨ ᠮᠧᠨᠧᠵᠮᠧᠨᠲ ᠦᠨ ᠠᠯᠳᠠᠭᠠᠨ ᠠᠴᠠ ᠡᠭᠦᠳᠦᠯᠲᠡᠢ ᠭᠡᠰᠡᠨ ᠬᠦᠨᠳᠡᠯᠡᠨ ᠦ ᠰᠢᠨᠵᠢᠭᠡᠴᠢᠳ ᠦᠨ ᠳ᠋ᠦᠩᠨᠡᠯᠲᠡ ᠭᠠᠷᠤᠭᠰᠠᠨ᠃ ᠮᠥᠨ ᠮᠣᠩᠭᠣᠯ ᠤᠯᠤᠰ ᠤᠨ ᠵᠠᠰᠠᠭ ᠤᠨ ᠭᠠᠵᠠᠷ ᠨᠥᠬᠥᠨ ᠲᠥᠯᠥᠪᠦᠷᠢ ᠠᠪᠴᠤ ᠪᠠᠶᠢᠭ᠎ᠠ ᠪᠣᠯ Turquoise Hill Resources ᠪᠣᠯᠤᠨ ᠤᠭ᠍ᠶᠤᠲᠤᠯᠤᠭᠠᠢ ᠶᠢᠨ ᠬᠤᠪᠢᠴᠠᠭ᠎ᠠ ᠶᠢ ᠰᠢᠭᠤᠳ ᠪᠣᠯᠤᠨ ᠰᠢᠭᠤᠳ ᠪᠤᠰᠤ ᠪᠠᠶᠢᠳᠠᠯ ᠢᠶᠠᠷ ᠡᠵᠡᠮᠰᠢᠭᠴᠢᠳ ᠲᠦ ᠨᠥᠬᠥᠨ ᠲᠥᠯᠥᠪᠦᠷᠢ ᠣᠯᠭᠣᠬᠤ ᠶᠣᠰᠣᠲᠠᠢ ᠭᠡᠰᠡᠨ ᠪᠠᠶᠢᠨ᠎ᠠ᠃