ᠲᠠᠪᠤᠨᠲᠣᠯᠣᠭᠠᠢ ᠶᠢᠨ ᠲᠡᠮᠦᠷ ᠵᠠᠮ ᠢ ᠬᠢᠲᠠᠳ ᠤᠨ ᠲᠡᠮᠦᠷ ᠵᠠᠮ ᠲᠠᠢ ᠬᠤᠯᠪᠤᠬᠤ ᠴᠡᠭ ᠲᠣᠳᠣᠷᠬᠠᠢ ᠪᠤᠯᠵᠠᠢ | News.MN

ᠲᠠᠪᠤᠨᠲᠣᠯᠣᠭᠠᠢ ᠶᠢᠨ ᠲᠡᠮᠦᠷ ᠵᠠᠮ ᠢ ᠬᠢᠲᠠᠳ ᠤᠨ ᠲᠡᠮᠦᠷ ᠵᠠᠮ ᠲᠠᠢ ᠬᠤᠯᠪᠤᠬᠤ ᠴᠡᠭ ᠲᠣᠳᠣᠷᠬᠠᠢ ᠪᠤᠯᠵᠠᠢ

ᠲᠠᠪᠤᠨᠲᠣᠯᠣᠭᠠᠢ-ᠭᠠᠰᠢᠭᠤᠨᠰᠤᠬᠠᠶᠢᠲᠤ ᠶᠢᠨ ᠴᠢᠭᠯᠡᠯ ᠳᠦ ᠲᠠᠯᠪᠢᠵᠤ ᠪᠤᠢ ᠲᠡᠮᠦᠷ ᠵᠠᠮ ᠢ ᠢᠷᠡᠬᠦ ᠣᠨ ᠤ ᠳᠣᠯᠣᠳᠤᠭᠠᠷ ᠰᠠᠷ᠎ᠠ ᠳᠤ ᠠᠰᠢᠭᠯᠠᠯᠲᠠ ᠳᠤ ᠣᠷᠣᠭᠤᠯᠬᠤ ᠪᠠᠷ ᠲᠥᠯᠥᠪᠯᠡᠭᠰᠡᠨ᠃ ᠭᠡᠬᠦ ᠳᠦ ᠪᠡᠨ ᠬᠢᠲᠠᠳ ᠤᠨ ᠲᠡᠮᠦᠷ ᠵᠠᠮ ᠲᠠᠢ ᠬᠡᠷᠬᠢᠨ ᠬᠣᠯᠪᠣᠭᠳᠠᠬᠤ ᠨᠢ ᠲᠣᠳᠣᠷᠬᠠᠢ ᠪᠤᠰᠤ ᠪᠠᠶᠢᠭᠰᠠᠨ ᠶᠤᠮ᠃ ᠬᠠᠷᠢᠨ ᠰᠠᠶ᠋ᠢᠬᠠᠨ ᠬᠢᠲᠠᠳ  ᠲᠠᠢ ᠨᠢᠭᠡᠳᠦᠭᠰᠡᠨ ᠣᠶᠢᠯᠠᠭᠠᠯᠴᠠᠯ ᠳᠤ ᠬᠦᠷᠴᠦ᠂ ᠤᠭ ᠠᠰᠠᠭᠤᠳᠠᠯ ᠢ ᠥᠨᠥᠳᠥᠷ ᠦᠨ ᠵᠠᠰᠠᠭ ᠤᠨ ᠭᠠᠵᠠᠷ ᠤᠨ ᠬᠤᠷᠠᠯᠳᠤᠭᠠᠨ ᠢᠶᠠᠷ ᠬᠡᠯᠡᠯᠴᠡᠵᠡᠢ᠃

ᠡᠨᠡ ᠲᠠᠯ᠎ᠠ ᠪᠠᠷ ᠭᠠᠳᠠᠭᠠᠳᠤ ᠬᠠᠷᠢᠯᠴᠠᠭᠠᠨ ᠤ ᠳᠡᠳ᠋ ᠰᠠᠶᠢᠳ ᠪ ∙ ᠮᠥᠩᠬᠡᠵᠢᠨ ᠄ ᠮᠣᠩᠭᠣᠯ᠂ ᠬᠢᠲᠠᠳ ᠦᠨ ᠲᠡᠮᠦᠷ ᠵᠠᠮ ᠤᠨ ᠣᠭᠲᠣᠯᠤᠯᠴᠠᠯ ᠤᠨ ᠴᠡᠭ ᠢ ᠨᠣᠲ ᠢᠶᠠᠷ ᠪᠠᠲᠤᠯᠠᠭᠠᠵᠢᠭᠤᠯᠬᠤ ᠠᠰᠠᠭᠤᠳᠠᠯ ᠢ ᠵᠠᠰᠠᠭ ᠤᠨ ᠭᠠᠵᠠᠷ ᠢᠶᠠᠷ ᠬᠡᠯᠡᠯᠴᠡᠭᠦᠯᠦᠯ᠎ᠡ᠃ ᠭᠠᠰᠢᠭᠤᠨᠰᠤᠬᠠᠶᠢᠲᠤ ᠂ ᠭᠠᠭᠴᠠ ᠮᠣᠳᠣᠨ ᠤ ᠪᠣᠭᠣᠮᠲᠠ ᠶᠢ ᠬᠣᠯᠪᠣᠭᠰᠠᠨ ᠲᠡᠮᠦᠷ ᠵᠠᠮ ᠢ ᠡᠨᠡ ᠴᠡᠭ ᠢᠶᠡᠷ ᠬᠣᠯᠪᠣᠶ᠎ᠠ ᠭᠡᠰᠡᠨ ᠮᠠᠨ ᠤ ᠤᠯᠤᠰ ᠤᠨ ᠰᠠᠨᠠᠯ ᠢ ᠬᠢᠲᠠᠳ ᠡᠨᠡ ᠰᠠᠷ᠎ᠠ ᠶᠢᠨ 12  ᠳᠦ ᠬᠦᠯᠢᠶᠡᠨ ᠵᠦᠪᠰᠢᠶᠡᠷᠡᠵᠦ ᠪᠤᠢ ᠪᠠᠨ ᠢᠯᠡᠷᠬᠡᠶᠢᠯᠡᠭᠰᠡᠨ ᠨᠣᠲ ᠪᠢᠴᠢᠭ ᠢᠶᠡᠨ ᠢᠷᠡᠭᠦᠯᠦᠭᠰᠡᠨ᠃ ᠤᠭ ᠪᠢᠴᠢᠭ ᠢ ᠨᠢ ᠵᠠᠰᠠᠭ ᠤᠨ ᠭᠠᠵᠠᠷ ᠢᠶᠠᠷ ᠬᠡᠯᠡᠯᠴᠡᠭᠦᠯᠦᠯ᠎ᠡ᠃

ᠵᠠᠰᠠᠭ ᠤᠨ ᠭᠠᠵᠠᠷ ᠳᠡᠮᠵᠢᠵᠦ ᠭᠠᠷ ᠤᠨ ᠦᠰᠦᠭ ᠵᠢᠷᠤᠬᠤ ᠡᠷᠬᠡ ᠶᠢ ᠭᠠᠳᠠᠭᠠᠳᠤ ᠬᠠᠷᠢᠯᠴᠠᠭᠠᠨ ᠤ ᠰᠠᠶᠢᠳ ᠪ ∙ ᠪᠠᠲᠤᠴᠡᠴᠡᠭ ᠲᠦ ᠣᠯᠭᠤᠯ᠎ᠠ᠃ ᠡᠨᠡ ᠨᠢ ᠲᠡᠮᠦᠷ ᠵᠠᠮ ᠤᠨ ᠣᠭᠲᠣᠯᠤᠯᠴᠠᠯ ᠤᠨ ᠴᠡᠭ ᠲᠣᠳᠣᠷᠬᠠᠢ ᠪᠣᠯᠤᠯ᠎ᠠ ᠭᠡᠰᠡᠨ ᠦᠭᠡ᠃ ᠣᠳᠣ ᠬᠢᠲᠠᠳ  ᠤᠨ ︽ᠴᠠᠢᠨᠠ ᠡᠨᠧᠷᠭᠢ︾᠂ ᠮᠠᠨ ᠤ ᠤᠯᠤᠰ ᠤᠨ︽ᠲᠠᠪᠤᠨᠲᠣᠯᠣᠭᠠᠢ ᠲᠡᠮᠦᠷ ᠵᠠᠮ︾ᠺᠣᠮᠫᠠᠨᠢ ᠠᠵᠢᠯ ᠢᠶᠠᠨ ᠤᠶᠠᠯᠳᠤᠭᠤᠯᠬᠤ ᠶᠣᠰᠣᠲᠠᠢ᠃ ᠶᠠᠮᠠᠷ ᠴᠠᠷᠢᠭ ᠢᠶᠠᠷ ᠬᠣᠯᠪᠣᠭᠳᠠᠬᠤ᠂ ᠶᠠᠭᠠᠬᠢᠪᠠᠯ ᠢᠯᠡᠭᠦᠦ ᠡᠳ᠋ ᠦᠨ ᠵᠠᠰᠠᠭ ᠤᠨ ᠦᠷ᠎ᠡ ᠦᠭᠭᠦᠭᠡᠵᠢ ᠲᠡᠢ ᠪᠤᠢ ᠭᠡᠳᠡᠭ ᠢ ᠨᠢ ᠡᠨᠡ ᠬᠣᠶᠠᠷ ᠺᠣᠮᠫᠠᠨᠢ ᠰᠢᠢᠳᠦᠨ᠎ᠡ ᠭᠡᠯ᠎ᠡ᠃

ᠰᠡᠳᠬᠢᠭᠳᠡᠯ ᠦᠯᠡᠳᠡᠭᠡᠬᠦ