《ᠴᠢᠩᠭᠢᠰ ᠦᠨ ᠤᠳᠤᠮ ᠤᠨ ᠨᠣᠶᠠᠨ ᠤ ᠮᠠᠨᠵᠤ ᠭᠦᠩᠵᠦ ᠶᠢᠨ ᠡᠷᠢᠯ ᠳᠦ》ᠡᠮᠬᠢᠳᠬᠡᠯ ᠢ ᠬᠡᠪᠯᠡᠭᠦᠯᠦᠯ᠎ᠡ | News.MN

《ᠴᠢᠩᠭᠢᠰ ᠦᠨ ᠤᠳᠤᠮ ᠤᠨ ᠨᠣᠶᠠᠨ ᠤ ᠮᠠᠨᠵᠤ ᠭᠦᠩᠵᠦ ᠶᠢᠨ ᠡᠷᠢᠯ ᠳᠦ》ᠡᠮᠬᠢᠳᠬᠡᠯ ᠢ ᠬᠡᠪᠯᠡᠭᠦᠯᠦᠯ᠎ᠡ

ᠲᠠᠩᠨᠠᠭᠤᠯ ᠤᠨ ᠶᠡᠷᠦᠩᠬᠡᠢ ᠭᠠᠵᠠᠷ ᠤᠨ ᠲᠤᠰᠬᠠᠢ ᠠᠷᠬᠢᠪ᠂ ᠴᠢᠩᠭᠢᠰ ᠬᠠᠭᠠᠨ ᠮᠦᠽᠧᠢ ᠬᠠᠮᠲᠤᠷᠠᠨ 《ᠴᠢᠩᠭᠢᠰ ᠦᠨ ᠤᠳᠤᠮ ᠤᠨ ᠨᠣᠶᠠᠨ ᠤ ᠮᠠᠨᠵᠤ ᠭᠦᠩᠵᠦ ᠶᠢᠨ ᠡᠷᠢᠯ ᠳᠦ》ᠠᠷᠬᠢᠪ ᠤᠨ ᠪᠠᠷᠢᠮᠲᠠ ᠶᠢᠨ ᠡᠮᠬᠢᠳᠬᠡᠯ ᠢ ᠬᠡᠪᠯᠡᠭᠦᠯᠦᠯ᠎ᠡ᠃ ᠴᠢᠩᠭᠢᠰ ᠬᠠᠭᠠᠨ ᠤ ᠰᠢᠭᠤᠳ ᠤᠭᠰᠠᠭ᠎ᠠ ᠬᠠᠯᠬ᠎ᠠ ᠶᠢᠨ ᠲᠦᠰᠢᠶᠡᠲᠦ ᠬᠠᠭᠠᠨ ᠠᠶᠢᠮᠠᠭ ᠤᠨ ᠳᠠᠷᠬᠠᠨ ᠴᠢᠨ ᠸᠠᠩ ᠳᠣᠨᠳᠣᠪᠳᠣᠷᠵᠢ ᠳᠤ ᠮᠠᠨᠵᠤ ᠶᠢᠨ ᠡᠩᠬᠡ-ᠠᠮᠤᠭᠤᠯᠠᠩ ᠬᠠᠭᠠᠨ ᠭᠦᠩᠵᠦ ᠪᠡᠨ ᠬᠠᠲᠤᠨ ᠪᠣᠯᠭᠠᠨ ᠥᠭᠴᠦ᠂ ᠡᠹᠦ ᠪᠣᠯᠭᠠᠵᠤ᠂ ᠤᠯᠠᠮ ᠢᠶᠠᠷ ᠭᠦᠩᠵᠦ ᠶᠢ ᠲᠩᠷᠢ ᠳᠦ ᠬᠠᠯᠢᠬᠤ ᠳᠤ ᠪᠠᠷᠠᠭᠤᠨ ᠪᠠᠶᠠᠨ ᠠᠭᠤᠯᠠ ᠶᠢᠨ ᠡᠩᠭᠡᠷ ᠲᠦ ᠲᠠᠬᠢᠯ ᠤᠨ ᠰᠦᠮ᠎ᠡ︵ᠭᠦᠩᠵᠦ ᠶᠢᠨ ᠰᠦᠮ᠎ᠡ︶ᠪᠠᠷᠢᠭᠰᠠᠨ ᠪᠠᠶᠢᠳᠠᠭ᠃
ᠮᠠᠷᠱᠠᠯ ᠬ∙ᠴᠣᠶᠢᠪᠠᠯᠰᠠᠩ ᠤᠨ ᠲᠤᠰᠢᠶᠠᠯ ᠢᠶᠠᠷ ᠳᠣᠲᠣᠭᠠᠳᠤ ᠶᠠᠪᠤᠳᠠᠯ ᠤᠨ ᠶᠠᠮᠤᠨ᠂ ᠰᠢᠨᠵᠢᠯᠡᠬᠦ ᠤᠬᠠᠭᠠᠨ ᠤ ᠬᠦᠷᠢᠶᠡᠯᠡᠩ ᠦᠨ ᠬᠠᠮᠲᠤᠷᠠᠭᠰᠠᠨ ᠰᠤᠳᠤᠯᠭᠠᠨ ᠤ ᠪᠠᠭ ᠭᠦᠩᠵᠦ ᠶᠢᠨ ᠰᠦᠮ᠎ᠡ ᠶᠢ ᠮᠠᠯᠲᠠᠭᠰᠠᠨ ᠰᠣᠨᠢᠷᠬᠠᠯᠲᠠᠢ ᠪᠠᠷᠢᠮᠲᠠ ᠨᠤᠭᠤᠳ ᠡᠨᠡ ᠬᠦ ᠠᠷᠬᠢᠪ ᠤᠨ ᠪᠠᠷᠢᠮᠲᠠ ᠶᠢᠨ ᠡᠮᠬᠢᠳᠬᠡᠯ ᠳᠦ ᠪᠠᠭᠲᠠᠭᠰᠠᠨ ᠪᠣᠯᠤᠨ᠎ᠠ᠃

ᠰᠡᠳᠬᠢᠭᠳᠡᠯ ᠦᠯᠡᠳᠡᠭᠡᠬᠦ