ᠶᠠᠫᠣᠨ  ᠲᠡᠤᠬᠡ ᠶᠢᠨ ᠵᠢᠷᠤᠭ ᠤᠳ ᠦᠭᠭᠦᠯ᠎ᠡ | News.MN

ᠶᠠᠫᠣᠨ  ᠲᠡᠤᠬᠡ ᠶᠢᠨ ᠵᠢᠷᠤᠭ ᠤᠳ ᠦᠭᠭᠦᠯ᠎ᠡ

ᠮᠣᠩᠭᠣᠯ ᠤᠯᠤᠰ ᠤᠨ ᠶᠡᠷᠦᠩᠬᠡᠶᠢᠯᠡᠭᠴᠢ ᠤ᠊∙ᠬᠦᠷᠡᠯᠰᠦ᠋ᠬᠡ ᠳᠦ ᠶᠠᠫᠣᠨ ᠤᠯᠤᠰ ᠤᠨ ᠲᠣᠺᠦᠰᠢᠮᠠ ᠳ᠋ᠡᠬᠢ ᠡᠷᠭᠦᠮᠵᠢᠲᠦ ᠺᠤᠨᠰᠦ᠋ᠯ ᠺᠠᠸᠠ ᠦᠴᠢ  ᠰᠢᠷᠤ᠋ ᠪᠠᠷᠠᠭᠠᠯᠬᠠᠯ᠎ᠠ᠃ ᠲᠡᠷᠡ ᠶᠠᠫᠣᠨ ᠤᠯᠤᠰ ᠤᠨ ᠡᠵᠡᠨ ᠬᠠᠭᠠᠨ ᠤ ᠣᠷᠳᠣᠨ ᠳᠤ ᠬᠠᠳᠠᠭᠠᠯᠠᠭᠳᠠᠵᠤ ᠪᠤᠢ ᠶᠤᠸᠠᠨ ᠭᠦᠷᠦᠨ ᠦ ᠴᠡᠷᠢᠭ ᠦᠨ ᠳᠣᠪᠲᠣᠯᠭᠠᠨ ᠢ ᠳᠦᠷᠰᠦᠯᠡᠭᠰᠡᠨ ᠬᠤᠶᠢᠯᠠᠮᠠᠯ ᠭᠠᠷ ᠵᠢᠷᠤᠭ ᠤᠳ ᠪᠣᠯᠤᠨ ᠨᠠᠷᠠ ᠮᠤᠵᠢ ᠶᠢᠨ《ᠲᠡᠨᠷᠢ》ᠶᠡᠬᠡ ᠰᠤᠷᠭᠠᠭᠤᠯᠢ ᠶᠢᠨ ᠨᠣᠮ ᠤᠨ ᠰᠠᠩ ᠳᠤ ᠬᠠᠳᠠᠭᠠᠯᠠᠭᠳᠠᠵᠤ ᠪᠤᠢ ᠴᠢᠩᠭᠢᠰ ᠬᠠᠭᠠᠨ ᠤ ᠭᠡᠷᠡᠭᠡ ᠶᠢᠨ ᠠ ᠬᠠᠭᠤᠯᠪᠤᠷᠢ ᠶᠢ ᠬᠦᠯᠢᠶᠡᠯᠭᠡᠨ ᠥᠭᠪᠡ᠃
ᠡᠭᠦᠨ ᠳᠦ ᠮᠣᠩᠭᠣᠯ ᠤᠯᠤᠰ ᠤᠨ ᠶᠡᠷᠦᠩᠬᠡᠶᠢᠯᠡᠭᠴᠢ ᠲᠠᠯᠠᠷᠬᠠᠯ ᠢᠯᠡᠷᠬᠡᠶᠢᠯᠡᠵᠦ᠂ ᠬᠠᠭᠤᠯᠪᠤᠷᠢ ᠨᠤᠭᠤᠳ《ᠴᠢᠩᠭᠢᠰ ᠬᠠᠭᠠᠨ》 ᠮᠦᠽᠧᠢ ᠶᠢᠨ ᠭᠣᠣᠯ ᠦᠵᠡᠮᠦᠷᠢ ᠶᠢᠨ ᠨᠢᠭᠡ ᠪᠣᠯᠤᠨ᠎ᠠ ᠭᠡᠳᠡᠭ ᠲᠦ ᠢᠲᠡᠭᠡᠵᠦ ᠪᠠᠶᠢᠭ᠎ᠠ ᠪᠠᠨ ᠬᠡᠯᠡᠪᠡ᠃ ᠰᠤᠶᠤᠯ ᠤᠨ ᠥᠪ᠂ ᠡᠳ᠋ ᠵᠦᠢᠯᠡᠰ ᠦᠨ ᠬᠠᠭᠤᠯᠪᠤᠷᠢ ᠶᠢ ᠬᠦᠯᠢᠶᠡᠯᠭᠡᠨ ᠥᠭᠬᠦ ᠳᠦ ᠭᠠᠳᠠᠭᠠᠳᠤ ᠬᠠᠷᠢᠯᠴᠠᠭᠠᠨ ᠤ ᠶᠠᠮᠤᠨ ᠤ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠨ∙ᠠᠩᠬᠠᠪᠠᠶᠠᠷ᠂ ᠮᠣᠩᠭᠣᠯ ᠤᠯᠤᠰ ᠠᠴᠠ ᠶᠠᠫᠣᠨ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠳ∙ᠪᠠᠲᠤᠵᠢᠷᠭᠠᠯ᠂ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠭᠠᠳᠠᠭᠠᠳᠤ ᠪᠣᠳᠣᠯᠭ᠎ᠠ ᠶᠢᠨ ᠵᠥᠪᠯᠡᠬᠦ ᠡ᠊∙ᠤᠳᠤᠪᠠᠶᠠᠷ᠂ ᠮᠣᠩᠭᠣᠯ ᠤᠯᠤᠰ ᠤᠨ ᠰᠤᠶᠤᠯ ᠤᠨ ᠡᠯᠴᠢ ᠶᠠ᠊∙ ᠮᠢᠺᠢ ᠨᠠᠷ ᠪᠠᠶᠢᠯᠴᠠᠪᠠ᠃

ᠰᠡᠳᠬᠢᠭᠳᠡᠯ ᠦᠯᠡᠳᠡᠭᠡᠬᠦ