ᠠ᠊∙ ᠪᠠᠶᠠᠷᠴᠡᠴᠡᠭ Amazon  ᠤ ᠺᠢᠨᠤ᠋ ᠳᠤ ᠮᠣᠩᠭᠣᠯ ᠳᠦᠷᠢ ᠪᠦᠲᠦᠭᠡᠵᠡᠢ | News.MN

ᠠ᠊∙ ᠪᠠᠶᠠᠷᠴᠡᠴᠡᠭ Amazon  ᠤ ᠺᠢᠨᠤ᠋ ᠳᠤ ᠮᠣᠩᠭᠣᠯ ᠳᠦᠷᠢ ᠪᠦᠲᠦᠭᠡᠵᠡᠢ

ᠮᠢᠰᠰ᠂ ᠵᠦᠴᠦᠭᠡᠴᠢᠨ ᠪ∙ᠪᠠᠶᠠᠷᠴᠡᠴᠡᠭ ᠢᠷᠡᠬᠦ ᠣᠨ ᠳᠤ ᠭᠠᠷᠬᠤ Amazon ᠰᠲ᠋ᠤᠳ᠋ ᠤᠨ 10 ᠠᠩᠭᠢᠲᠤ 《The Power》 ᠺᠢᠨᠤ᠋ ᠳᠤ ᠴᠠᠬᠢᠯᠭᠠᠨ ᠥᠬᠢᠨ ᠤ ᠳᠦᠷᠢ ᠶᠢ ᠪᠦᠲᠦᠭᠡᠵᠡᠢ᠃ ᠲᠡᠷᠡᠪᠡᠷ ᠡᠨᠡ ᠲᠠᠯ᠎ᠠ ᠪᠠᠷ ᠢᠶᠠᠨ᠄ ᠳᠦᠷᠢ ᠶᠢ ᠮᠠᠨᠢ ᠮᠣᠩᠭᠣᠯ ᠪᠣᠯᠭᠠᠵᠤ ᠥᠭᠡᠷᠡᠴᠢᠯᠡᠭᠰᠡᠨ᠃ ᠮᠠᠰᠢ ᠣᠯᠠᠨ ᠭᠠᠶᠢᠬᠠᠯᠲᠠᠢ ᠮᠥᠷᠥᠭᠡᠳᠦᠯ ᠦᠨ ᠵᠦᠴᠦᠭᠡᠴᠢᠳ ᠲᠡᠢ ᠪᠡᠨ ᠠᠵᠢᠯᠯᠠᠵᠤ᠂ ᠲᠡᠳᠡᠨ ᠡᠴᠡ ᠰᠤᠷᠤᠯᠴᠠᠭᠰᠠᠨ ᠳᠤ ᠪᠠᠨ ᠮᠠᠰᠢ ᠶᠡᠬᠡ ᠪᠠᠶᠠᠷᠲᠠᠢ ᠪᠠᠶᠢᠨ᠎ᠠ ᠬᠡᠮᠡᠭᠰᠡᠨ ᠪᠠᠶᠢᠨ᠎ᠠ᠃ ᠠ᠊∙ᠪᠠᠶᠠᠷᠴᠡᠴᠡᠭ 2014 ᠣᠨ ᠳᠤ《Netflix》 ᠺᠣᠮᠫᠠᠨᠢ ᠶᠢᠨ ᠪᠦᠲᠦᠭᠡᠯ 《ᠮᠠᠷᠺᠣ ᠫᠣᠯᠣ》᠂ 2018 ᠣᠨ ᠳᠤ ᠬᠤᠯᠯᠢᠸᠤᠳ᠋ ᠤᠨ ᠠᠯᠳᠠᠷᠲᠤ ᠵᠦᠴᠦᠭᠡᠴᠢᠨ ᠰᠲ᠋ᠢᠸᠧᠨ ᠰᠢᠭᠠᠯ ᠤᠨ︽Attrition》ᠺᠢᠨᠤ᠋ ᠳᠤ ᠲᠣᠭᠯᠠᠵᠤ ᠪᠠᠶᠢᠭᠰᠠᠨ ᠶᠤᠮ᠃
《The Power》ᠺᠢᠨᠤ᠋ ᠵᠣᠬᠢᠶᠠᠯ ᠢ ᠪᠷᠢᠲ᠋ᠠᠨ ᠤ ᠵᠣᠬᠢᠶᠠᠯᠴᠢ ᠨᠠᠤᠮᠢ ᠠᠯᠳᠧᠷᠮᠠᠨ 2016 ᠣᠨ ᠳᠤ ᠪᠢᠴᠢᠭᠰᠡᠨ ᠪᠥᠭᠡᠳ ᠬᠤᠷᠤᠭᠤᠨ ᠤ ᠪᠠᠨ ᠲᠤᠰᠠᠯᠠᠮᠵᠢ ᠲᠠᠢ ᠪᠠᠷ ᠶᠡᠷᠦ ᠪᠤᠰᠤ ᠶᠢᠨ ᠬᠦᠴᠦ ᠴᠢᠳᠠᠯ ᠳᠤ ᠬᠤᠪᠢᠷᠠᠳᠠᠭ ᠪᠦᠰᠡᠭᠦᠶᠢᠴᠦᠳ ᠦᠨ ᠲᠤᠬᠠᠢ ᠦᠭᠦᠯᠡᠳᠡᠭ ᠰᠢᠨᠵᠢᠯᠡᠬᠦ ᠤᠬᠠᠭᠠᠨ ᠤ ᠵᠥᠩᠨᠡᠯᠲᠦ ᠵᠣᠬᠢᠶᠠᠯ ᠶᠤᠮ᠃

ᠰᠡᠳᠬᠢᠭᠳᠡᠯ ᠦᠯᠡᠳᠡᠭᠡᠬᠦ