ᠳᠠᠷᠬᠠᠨ ᠤ ᠠᠷᠠᠰᠤ ᠰᠢᠷᠢᠨ ᠦ ᠴᠣᠭᠴᠠᠯᠠᠪᠤᠷᠢ  ᠶᠢ ᠢᠲ᠋ᠠᠯᠢ ᠲᠠᠢ ᠬᠠᠮᠲᠤᠷᠠᠨ ᠪᠠᠶᠢᠭᠤᠯᠤᠨ᠎ᠠ | News.MN

ᠳᠠᠷᠬᠠᠨ ᠤ ᠠᠷᠠᠰᠤ ᠰᠢᠷᠢᠨ ᠦ ᠴᠣᠭᠴᠠᠯᠠᠪᠤᠷᠢ  ᠶᠢ ᠢᠲ᠋ᠠᠯᠢ ᠲᠠᠢ ᠬᠠᠮᠲᠤᠷᠠᠨ ᠪᠠᠶᠢᠭᠤᠯᠤᠨ᠎ᠠ

《ᠳᠠᠷᠬᠠᠨ ᠤ ᠠᠷᠠᠰᠤ ᠰᠢᠷᠢᠨ ᠦ ᠴᠣᠭᠴᠠᠯᠠᠪᠤᠷᠢ ᠶᠢᠨ ᠪᠦᠲᠦᠭᠡᠨ ᠪᠠᠶᠢᠭᠤᠯᠤᠯᠲᠠ》ᠺᠤᠮᠫᠠᠨᠢ ᠶᠢᠨ ᠭᠦᠢᠴᠡᠳᠭᠡᠬᠦ ᠵᠠᠬᠢᠷᠤᠯ ᠨ ∙  ᠴᠡᠷᠡᠨᠪᠠᠲᠤ ᠲᠡᠷᠢᠭᠦᠲᠡᠢ ᠬᠦᠳᠡᠭᠡ ᠠᠵᠤ ᠠᠬᠤᠢ ᠬᠦᠩᠭᠡᠨ ᠦᠢᠯᠡᠳᠪᠤᠷᠢ ᠶᠢᠨ ᠶᠠᠮᠤᠨ ᠤ ᠲᠥᠯᠥᠭᠡᠯᠡᠯ  ᠢᠲ᠋ᠠᠯᠢ ᠤᠯᠤᠰ ᠲᠤ ᠠᠵᠢᠯᠯᠠᠵᠤ᠂ ᠤᠭ ᠲᠥᠰᠥᠯ ᠢ ᠬᠠᠮᠲᠤᠷᠠᠨ ᠬᠡᠷᠡᠭᠵᠢᠭᠦᠯᠬᠦ ᠰᠠᠨᠠᠮᠵᠢ ᠪᠢᠴᠢᠭ  ᠪᠠᠶᠢᠭᠤᠯᠵᠠᠢ᠃

ᠡᠨᠡ ᠣᠨ ᠤ 10 ᠳ᠋ᠤᠭᠠᠷ ᠰᠠᠷ᠎ᠠ ᠳᠤ ᠲᠥᠰᠥᠯ ᠦᠨ ᠨᠠᠷᠢᠪᠴᠢᠯᠠᠭᠰᠠᠨᠲᠧᠭᠨᠢᠭ ᠡᠳ᠋ ᠦᠨ ᠵᠠᠰᠠᠭ ᠤᠨ ᠦᠨᠳᠦᠰᠦᠯᠡᠯ᠂ ᠰᠤᠳᠤᠯᠭ᠎ᠠ ᠶᠢ ᠬᠢᠬᠦ ᠠᠵᠢᠯ ᠢ ᠡᠬᠢᠯᠡᠭᠦᠯᠬᠦ ᠪᠡᠷ ᠬᠦᠳᠡᠭᠡ ᠠᠵᠤ ᠠᠬᠤᠢ ᠬᠦᠩᠭᠡᠨ ᠦᠢᠯᠡᠳᠪᠤᠷᠢ ᠶᠢᠨ ᠶᠠᠮᠤᠨ ᠤ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠲ ∙  ᠵᠠᠮᠪᠠᠯᠴᠡᠷᠡᠨ ᠢᠶᠡᠷ ᠠᠬᠠᠯᠠᠭᠤᠯᠤᠭᠰᠠᠨ ᠠᠵᠢᠯ ᠤᠨ ᠬᠡᠰᠡᠭ ᠮᠥᠨ  ᠢᠲ᠋ᠠᠯᠢ ᠤᠯᠤᠰ ᠲᠤ ᠠᠵᠢᠯᠯᠠᠵᠤ᠂ ᠳᠡᠯᠡᠬᠡᠢ ᠶᠢᠨ ᠣᠯᠠᠨ ᠣᠷᠣᠨ ᠳᠤ ᠲᠣᠮᠣᠬᠠᠨ ᠲᠥᠰᠥᠯ ᠢ ᠠᠮᠵᠢᠯᠲᠡ ᠲᠡᠢ ᠬᠡᠷᠡᠭᠵᠢᠭᠦᠯᠦᠭᠰᠡᠨ 《ИМАГРО》ᠺᠣᠮᠫᠠᠨᠢ ᠶᠢᠨ ᠶᠡᠷᠦᠩᠬᠡᠶᠢᠯᠡᠭᠴᠢ ᠨᠣᠶᠠᠨ ᠮᠠᠰᠰᠢᠮᠤ᠋ ᠫᠤᠯᠯᠢᠶᠤ᠋ ᠪᠣᠯᠤᠨ ᠬᠣᠯᠪᠣᠭᠳᠠᠬᠤ ᠠᠯᠪᠠᠨ ᠤ ᠬᠢᠨ ᠲᠠᠢ ᠠᠭᠤᠯᠵᠠᠵᠤ ᠪᠠᠢᠪᠠ᠃

ᠡᠨᠡ ᠲᠠᠯ᠎ᠠ ᠪᠠᠷ ᠥᠨᠥᠳᠥᠷ ᠦᠨ ᠠᠭᠤᠯᠵᠠᠯᠲᠠ ᠪᠠᠷ ᠶᠠᠷᠢᠯᠴᠠᠵᠤ ᠮᠣᠩᠭᠣᠯ᠂ ᠢᠲ᠋ᠠᠯᠢ ᠶᠢᠨ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠰᠠᠯᠪᠤᠷᠢ ᠶᠢᠨ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠬᠦ᠂ ᠲᠤᠷᠰᠢᠯᠭ᠎ᠠ ᠰᠤᠳᠤᠯᠬᠤ ᠱᠠᠭᠠᠷᠳᠠᠯᠭ᠎ᠠ ᠪᠠᠶᠢᠭ᠎ᠠ ᠶᠢ ᠳᠤᠷᠠᠳᠴᠤ᠂ ᠬᠣᠶᠠᠷ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠶᠢᠨ ᠬᠠᠮᠲᠤ ᠶᠢᠨ ᠠᠵᠢᠯᠯᠠᠭᠠᠨ ᠳᠤ ᠥᠨᠳᠥᠷ ᠠᠴᠢ ᠬᠣᠯᠪᠣᠭᠳᠠᠯ ᠲᠠᠢ ᠪᠣᠯᠵᠤ ᠪᠠᠶᠢᠭ᠎ᠠ ᠶᠢ ᠣᠨᠴᠠᠯᠠᠯ᠎ᠠ᠃
ᠬᠦᠳᠡᠭᠡ ᠠᠵᠤ ᠠᠬᠤᠢ ᠶᠢᠨ ᠰᠠᠶᠢᠳ ᠽ ∙ ᠮᠡᠨᠳᠦᠰᠠᠶᠢᠬᠠᠨ ᠬᠤᠶᠠᠷ ᠲᠠᠯ᠎ᠠ ᠬᠠᠮᠲᠤᠷᠠᠭᠰᠠᠨ ᠠᠵᠢᠯ ᠤᠨ ᠪᠠᠭ ᠪᠠᠶᠢᠭᠤᠯᠬᠤ᠂ ᠮᠣᠩᠭᠣᠯ ᠤᠯᠤᠰ ᠤᠨ  ᠵᠢᠵᠢᠭ ᠳᠤᠮᠳᠠ ᠦᠢᠯᠡᠳᠪᠤᠷᠢ ᠶᠢᠨ ᠭᠠᠵᠠᠷ ᠪᠣᠯᠤᠨ  ᠢᠲ᠋ᠠᠯᠢ ᠶᠢᠨ 《САЧИ》 ᠪᠠᠶᠢᠭᠤᠯᠤᠯᠭ᠎ᠠ᠂ ИМАГРО ᠺᠣᠮᠫᠠᠨᠢ ᠬᠣᠭᠣᠷᠣᠨᠳᠣ ᠬᠠᠮᠲᠤᠷᠠᠨ ᠠᠵᠢᠯᠯᠠᠬᠤ ᠰᠠᠨᠠᠮᠵᠢ ᠪᠢᠴᠢᠭ ᠢ ᠣᠶᠢᠷ᠎ᠠ ᠶᠢᠨ ᠬᠤᠭᠤᠴᠠᠭᠠᠨ ᠳᠤ ᠦᠵᠦᠭᠯᠡᠬᠦ ᠬᠦᠰᠡᠯ ᠲᠡᠢ ᠪᠠᠶᠢᠭ᠎ᠠ  ᠪᠠᠨ ᠠᠭᠤᠯᠵᠠᠯᠲᠠ ᠪᠠᠷ ᠢᠯᠡᠷᠬᠡᠶᠢᠯᠡᠯ᠎ᠡ᠃

ᠰᠡᠳᠬᠢᠭᠳᠡᠯ ᠦᠯᠡᠳᠡᠭᠡᠬᠦ